《5.1》᠎ᠤ ᠠᠮᠠᠷᠠᠯᠲᠠ ᠵᠢᠨ ᠬᠤᠭᠤᠴᠠᠭ᠎ᠠ ᠬᠦᠷᠴᠦ ᠢᠷᠡᠬᠦ ᠲᠠᠰᠢᠷᠠᠮ᠎ᠳᠤ᠂ ᠬᠥᠮᠦᠰ᠎ᠤᠨ ᠶᠠᠪᠤᠵᠤ ᠰᠠᠭᠤᠬᠤ ᠪᠠ ᠵᠢᠭᠤᠯᠴᠢᠯᠠᠯ᠎ᠤᠨ ᠠᠵᠢᠯᠯᠠᠭ᠎ᠠ ᠢᠯᠡᠳᠲᠡ ᠨᠡᠮᠡᠭᠳᠡᠵᠦ᠂ ᠰᠢᠭᠤᠶ᠋ᠢᠲᠤ ᠣᠷᠣᠨ᠎ᠤ ᠨᠤᠲᠤᠭ ᠪᠡᠯᠴᠢᠭᠡᠷ᠎ᠤᠨ ᠠᠮᠤᠷ ᠲᠦᠪᠰᠢᠨ᠎ᠤ ᠪᠠᠶ᠋ᠢᠳᠠᠯ ᠬᠦᠨᠳᠦ ᠨᠣᠴᠢᠲᠠᠶ ᠪᠠᠶ᠋ᠢᠭ᠎ᠠ ᠪᠠᠶ᠋ᠢᠳᠠᠯ᠎ᠳᠤ ᠴᠢᠭᠯᠡᠭᠦᠯᠦᠨ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠶ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ 《〈5.1〉 ᠤ ᠠᠮᠠᠷᠠᠯᠲᠠ ᠵᠢᠨ ᠬᠤᠭᠤᠴᠠᠭ᠋ᠠᠨ᠎ᠤ ᠠᠮᠤᠷ ᠲᠦᠪᠰᠢᠨ᠎ᠤ ᠰᠡᠷᠭᠡᠶ᠋ᠢᠯᠡᠯᠲᠡ ᠵᠢᠨ ᠠᠵᠢᠯ᠎ᠢ ᠰᠠᠶ᠋ᠢᠲᠤᠷ ᠬᠢᠬᠦ ᠲᠤᠬᠠᠶ ᠮᠡᠳᠡᠭᠳᠡᠯ》᠎ᠢ ᠳᠠᠷᠤᠮᠠᠯᠯᠠᠨ ᠲᠠᠷᠬᠠᠭ᠋ᠠᠵᠤ᠂ ᠣᠳᠣᠬᠠᠨ᠎ᠤ ᠠᠶᠤᠯᠭᠦᠶ ᠦᠢ᠍ᠯᠡᠳᠪᠦᠷᠢᠯᠡᠯ᠎ᠤᠨ ᠠᠵᠢᠯ᠎ᠢ ᠪᠥᠬᠥ ᠲᠠᠯ᠎ᠠ᠎ᠪᠠᠷ ᠪᠠᠶ᠋ᠢᠷᠢᠯᠠᠭᠤᠯᠪᠠ᠃
ᠡᠯ᠎ᠡ ᠭᠠᠵᠠᠷ ᠡᠯ᠎ᠡ ᠨᠢᠭᠡᠴᠢ ᠵᠢᠨ᠎ᠬᠢᠨ ᠤᠯᠤᠰ ᠲᠦᠷᠦ ᠵᠢᠨ ᠵᠣᠭᠰᠣᠴᠠ᠎ᠪᠠᠨ ᠤᠯᠠᠮ ᠴᠢᠨᠠᠭᠰᠢᠳᠠ ᠳᠡᠭᠡᠭᠰᠢᠯᠡᠭᠦᠯᠵᠦ᠂ ᠤᠢ ᠰᠢᠭᠤᠢ ᠨᠤᠲᠤᠭ ᠪᠡᠯᠴᠢᠭᠡᠷ᠎ᠤᠨ ᠠᠵᠢᠯ ᠲᠦᠷᠦᠯ᠎ᠤᠨ ᠴᠡᠭ ᠤᠯᠠᠨ ᠬᠡᠪᠴᠢᠶ᠎ᠡ ᠥᠷᠭᠡᠨ᠂ ᠠᠶᠤᠯ ᠲᠦᠭᠰᠢᠭᠦᠷᠢ ᠵᠢᠨ ᠭᠡᠮ ᠰᠣᠭᠣᠭ ᠤᠯᠠᠨ᠂ ᠠᠶᠤᠯᠭᠦᠢ ᠦᠢ᠍ᠯᠡᠳᠪᠦᠷᠢᠯᠡᠯ᠎ᠤᠨ ᠬᠢᠨᠠᠯᠲᠠ ᠬᠠᠮᠢᠶᠠᠷᠤᠯᠲᠠ ᠵᠢᠨ ᠡᠭᠦᠷᠭᠡ ᠬᠦᠨᠳᠦ ᠪᠠᠶ᠋ᠢᠭ᠎ᠠ ᠪᠠᠶ᠋ᠢᠳᠠᠯ᠎ᠢ ᠭᠦᠢ᠍ᠴᠡᠳ ᠲᠠᠨᠢᠵᠤ᠂ 《5.1》᠎ᠤ ᠬᠤᠭᠤᠴᠠᠭ᠋ᠠᠨ᠎ᠳᠠᠬᠢ ᠠᠶᠤᠯᠭᠦᠢ ᠦᠢ᠍ᠯᠡᠳᠪᠦᠷᠢᠯᠡᠯ᠎ᠤᠨ ᠰᠡᠷᠭᠡᠶ᠋ᠢᠯᠡᠯᠲᠡ ᠵᠢᠨ ᠠᠵᠢᠯ᠎ᠢ ᠦᠨᠡᠨ ᠬᠦ᠌ ᠴᠢᠩᠭ᠋ᠠᠳᠬᠠᠬᠤ ᠬᠡᠷᠡᠭᠲᠡᠢ ᠭᠡᠵᠦ ᠱᠠᠭ᠋ᠠᠷᠳᠠᠪᠠ᠃ 《ᠣᠶ ᠰᠢᠭᠤᠶ ᠨᠤᠲᠤᠭ ᠪᠡᠯᠴᠢᠭᠡᠷ᠎ᠤᠨ ᠠᠵᠢᠯ ᠲᠥᠷᠥᠯ᠎ᠤᠨ ᠦᠢ᠍ᠯᠡᠳᠪᠦᠷᠢᠯᠡᠯ᠎ᠤᠨ ᠠᠮᠤᠷ ᠲᠦᠪᠰᠢᠨ᠎ᠤ ᠴᠢᠬᠤᠯᠠ ᠶᠡᠬᠡ ᠡᠨᠳᠡᠯ᠎ᠤᠨ ᠳᠠᠯᠳᠠ ᠬᠡᠮ᠎ᠢ ᠮᠠᠭ᠋ᠠᠳᠯᠠᠨ ᠲᠣᠭᠲᠠᠭ᠋ᠠᠬᠤ ᠪᠠᠷᠢᠮᠵᠢᠶ᠎ᠠ》 ᠵᠢᠨ ᠱᠠᠭ᠋ᠠᠷᠳᠠᠯᠭ᠎ᠠ ᠶᠣᠰᠣᠭ᠋ᠠᠷ᠂ ᠤᠢ᠌ᠵᠢᠭᠤᠯᠤᠯᠳᠠ ᠦᠢ᠍ᠯᠡᠳᠪᠦᠷᠢᠯᠡᠯᠳᠡ᠂ ᠣᠶ ᠮᠣᠳᠣ ᠲᠡᠭᠦᠵᠦ ᠵᠥᠭᠡᠭᠡᠪᠦᠷᠢᠯᠡᠬᠦ᠂ ᠣᠶ ᠰᠢᠭᠤᠶ ᠵᠢᠨ ᠪᠦᠲᠦᠭᠡᠭᠳᠡᠬᠦᠨ᠎ᠢ ᠡᠳ᠋ᠰᠢᠭᠦᠯᠬᠦ᠂ ᠣᠶ ᠰᠢᠭᠤᠶ ᠵᠢᠨ ᠠᠷᠠᠴᠢᠯᠠᠨ ᠪᠤᠢ᠌ᠵᠢᠭᠤᠯᠤᠯᠳᠠ᠂ ᠠᠮᠢ ᠠᠬᠤᠶ ᠵᠢᠨ ᠵᠢᠭᠤᠯᠴᠢᠯᠠᠯ᠂ ᠬᠡᠭᠡᠷ᠎ᠡ ᠵᠢᠨ ᠠᠵᠢᠯᠯᠠᠭ᠎ᠠ᠂ ᠣᠶ ᠰᠢᠭᠤᠶ ᠨᠤᠲᠤᠭ ᠪᠡᠯᠴᠢᠭᠡᠷ᠎ᠤᠨ ᠭᠠᠯ ᠰᠡᠷᠭᠡᠢ᠌ᠯᠡᠯᠳᠡ᠂ ᠣᠶ ᠰᠢᠭᠤᠶ ᠨᠤᠲᠤᠭ ᠪᠡᠯᠴᠢᠭᠡᠷ᠎ᠤᠨ ᠠᠶᠤᠯᠲᠠᠶ ᠬᠢᠮᠢ ᠵᠢᠨ ᠪᠣᠳᠠᠰ᠎ᠤᠨ ᠬᠡᠷᠡᠭᠯᠡᠯᠲᠡ᠂ ᠬᠦᠨᠦᠭᠡᠯᠲᠦ ᠠᠮᠢᠳᠤ ᠪᠣᠳᠠᠰ᠎ᠢ ᠰᠡᠷᠭᠡᠶ᠋ᠢᠯᠡᠨ ᠵᠠᠰᠠᠬᠤ᠂ ᠬᠡᠭᠡᠷ᠎ᠡ ᠵᠢᠨ ᠠᠮᠢᠲᠠᠨ᠎ᠢ ᠬᠠᠮᠠᠭ᠋ᠠᠯᠠᠬᠤ ᠪᠠ ᠬᠥᠮᠦᠨ᠎ᠤ ᠬᠦᠴᠦ᠎ᠪᠠᠷ ᠦᠷᠡᠵᠢᠭᠦᠯᠦᠨ ᠪᠣᠶ᠋ᠢᠵᠢᠭᠤᠯᠬᠤ᠂ ᠪᠠᠶ᠋ᠢᠭ᠋ᠠᠯᠢ ᠵᠢᠨ ᠬᠠᠮᠠᠭ᠋ᠠᠯᠠᠯᠲᠠ ᠵᠢᠨ ᠭᠠᠵᠠᠷ᠎ᠤᠨ ᠡᠳᠦᠷ ᠲᠤᠲᠤᠮ᠎ᠤᠨ ᠪᠠᠢ᠌ᠴᠠᠭ᠋ᠠᠨ ᠬᠠᠮᠠᠭ᠋ᠠᠯᠠᠯᠳᠠ᠂ ᠭᠠᠯ ᠰᠡᠷᠭᠡᠶ᠋ᠢᠯᠡᠬᠦ ᠠᠮᠤᠷ ᠲᠦᠪᠰᠢᠨ ᠵᠢᠴᠢ ᠣᠶ ᠰᠢᠭᠤᠶ ᠨᠤᠲᠤᠭ ᠪᠡᠯᠴᠢᠭᠡᠷ᠎ᠤᠨ ᠦᠨᠳᠦᠰᠦᠨ ᠱᠠᠲᠤᠨ᠎ᠤ ᠴᠠᠬᠢᠯᠭ᠋ᠠᠨ ᠬᠡᠷᠡᠭᠯᠡᠯᠲᠡ ᠬᠡᠶ ᠬᠡᠷᠡᠭᠯᠡᠯᠲᠡ ᠵᠡᠷᠭᠡ ᠵᠢᠨ ᠲᠦᠭᠰᠢᠭᠦᠷᠢ ᠵᠢᠨ ᠳᠠᠯᠳᠠ ᠬᠡᠮ᠎ᠢ ᠨᠠᠷᠢᠨ ᠨᠢᠮᠪᠠᠢ ᠪᠠᠶ᠋ᠢᠴᠠᠭ᠋ᠠᠵᠤ ᠴᠡᠭᠴᠡᠯᠡᠨ ᠵᠠᠰᠠᠨ᠎ᠠ᠃
ᠷᠠᠳᠢᠣ᠋ ᠨᠡᠪᠲᠡᠷᠡᠭᠦᠯᠭᠡ᠂ ᠲᠧᠯᠸᠢᠰ᠂ ᠰᠣᠨᠢᠨ᠂ ᠰᠦᠯᠵᠢᠶ᠎ᠡ ᠵᠡᠷᠭᠡ ᠤᠯᠠᠮᠵᠢᠯᠠᠯᠲᠤ ᠵᠠᠭᠤᠴᠢ ᠵᠢ ᠭᠦᠢ᠍ᠴᠡᠳ ᠠᠰᠢᠭᠯᠠᠨ᠂ ᠤᠬᠠᠭᠤᠯᠭ᠎ᠠ ᠵᠢᠨ ᠫᠠᠶ᠋ᠢᠰᠠ ᠪᠠᠶ᠋ᠢᠷᠢᠯᠠᠭᠤᠯᠬᠤ᠂ ᠬᠥᠨᠳᠡᠯᠡᠨ ᠪᠢᠴᠢᠭᠡᠰᠦ ᠡᠯᠭᠦᠬᠦ᠂ ᠤᠬᠠᠭᠤᠯᠭ᠎ᠠ ᠵᠢᠨ ᠭᠠᠷ ᠳᠡᠪᠲᠡᠷ ᠲᠠᠷᠬᠠᠭ᠋ᠠᠬᠤ᠂ ᠨᠡᠶ᠋ᠢᠲᠡᠯᠢᠭ ᠬᠡᠷᠡᠭ᠎ᠤᠨ ᠵᠢᠱ᠌ᠢᠶ᠎ᠡ ᠵᠢ ᠢᠯᠡᠴᠢᠯᠡᠬᠦ ᠵᠡᠷᠭᠡ ᠠᠷᠭ᠎ᠠ ᠬᠡᠮᠵᠢᠶ᠎ᠡ ᠠᠪᠴᠤ᠂ ᠬᠣᠯᠪᠣᠭᠳᠠᠯ ᠪᠦᠬᠦᠢ ᠬᠠᠤᠯᠢ ᠴᠠᠭ᠋ᠠᠵᠠ ᠬᠠᠤᠯᠢ ᠲᠣᠭᠲᠠᠭ᠋ᠠᠯ᠂ ᠠᠮᠤᠷ ᠲᠦᠪᠰᠢᠨ᠎ᠤ ᠶᠡᠷᠦ ᠵᠢᠨ ᠮᠡᠳᠡᠯᠭᠡ ᠪᠣᠯᠤᠨ ᠥᠪᠡᠷ᠎ᠢ᠎ᠪᠠᠨ ᠠᠪᠤᠷᠠᠬᠤ ᠮᠡᠳᠡᠯᠭᠡ ᠵᠢ ᠤᠬᠠᠭᠤᠯᠤᠨ᠎ᠠ᠃ ᠣᠶ ᠰᠢᠭᠤᠶ ᠨᠤᠲᠤᠭ ᠪᠡᠯᠴᠢᠭᠡᠷ᠎ᠤᠨ ᠠᠶᠤᠯ ᠥᠬᠡᠶ ᠦᠢ᠍ᠯᠡᠳᠪᠦᠷᠢᠯᠡᠯ᠎ᠤᠨ ᠲᠦᠭᠰᠢᠭᠦᠷᠢ ᠵᠢ ᠦᠨᠳᠦᠰᠦᠨ᠎ᠠᠴᠠ᠎ᠨᠢ ᠡᠵᠡᠮᠳᠡᠨ ᠬᠠᠮᠢᠶᠠᠷᠬᠤ ᠵᠢ ᠴᠢᠩᠭ᠋ᠠᠳᠬᠠᠵᠤ᠂ ᠴᠢᠬᠤᠯᠠ ᠶᠡᠬᠡ ᠲᠦᠭᠰᠢᠭᠦᠷᠢ ᠵᠢ ᠰᠡᠷᠭᠡᠶ᠋ᠢᠯᠡᠨ ᠣᠰᠠᠳᠬᠠᠬᠤ ᠴᠢᠳᠠᠪᠤᠷᠢ᠎ᠪᠠᠨ ᠲᠠᠰᠤᠷᠠᠯᠲᠠ ᠥᠬᠡᠶ ᠳᠡᠭᠡᠭᠰᠢᠯᠡᠭᠦᠯᠵᠦ᠂ ᠲᠦᠭᠰᠢᠭᠦᠷᠢ ᠵᠢᠨ ᠬᠡᠮ ᠰᠣᠭᠣᠭ᠎ᠢ ᠤᠰᠠᠳᠬᠠᠬᠤ ᠬᠡᠷᠡᠭᠲᠡᠶ᠃