ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠬᠤᠰᠢᠭᠤ ᠰᠢᠶᠠᠨ᠎ᠤ ᠰᠣᠨᠣᠰᠬᠠᠯ
ᠦᠪᠦᠷ ᠮᠣᠩᠭᠣᠯ᠎ᠤᠨ ᠶᠡᠬᠡ ᠬᠢᠩᠭ᠋ᠠᠨ ᠳᠠᠪᠠᠭ᠎ᠠ ᠵᠢᠨ ᠤᠢ ᠰᠢᠭᠤᠶ ᠵᠢᠨ ᠲᠤᠢ᠌ᠮᠠᠷ᠎ᠤᠨ ᠪᠠᠶ᠋ᠢᠳᠠᠯ᠎ᠤᠨ ᠵᠠᠯᠭ᠋ᠠᠮᠵᠢ ᠮᠡᠳᠡᠭᠦᠯᠦᠯᠲᠡ (ᠬᠣᠶᠠᠷ)
ᠨᠡᠶ᠋ᠢᠲᠡᠯᠡᠭᠰᠡᠨ ᠴᠠᠭ᠄ 2018-10-09

      ᠲᠤᠢ᠌ᠮᠠᠷ᠎ᠤᠨ ᠪᠠᠶ᠋ᠢᠳᠠᠯ ᠲᠣᠭᠲᠠᠭᠤᠨ᠂ ᠲᠤᠢ᠌ᠮᠠᠷ ᠤᠨᠳᠠᠷᠠᠭ᠋ᠠᠬᠤ ᠠᠵᠢᠯ ᠢᠯᠡᠳᠲᠡ ᠦᠷ᠎ᠡ ᠪᠦᠲᠦᠮᠵᠢ ᠤᠯᠵᠦ᠂ ᠬᠥᠮᠦᠨ ᠬᠠᠷ᠎ᠠ ᠦᠯᠦ ᠡᠨᠳᠡᠵᠦ ᠰᠢᠷᠬᠠᠳᠤᠭᠰᠠᠨ ᠮᠦᠷᠳᠡᠭᠡᠨ ᠴᠢᠬᠤᠯᠠ ᠲᠥᠬᠥᠭᠡᠷᠦᠮᠵᠢ ᠡᠪᠳᠡᠭᠳᠡᠭᠰᠡᠨ ᠦᠭᠡᠢ

      ᠤᠯᠤᠰ᠎ᠤᠨ ᠤᠢ ᠰᠢᠭᠤᠶ ᠵᠢᠨ ᠭᠠᠯ ᠰᠡᠷᠬᠡᠢ᠌ᠯᠡᠬᠦ ᠵᠢ ᠵᠢᠯᠤᠭᠤᠳᠬᠤ ᠭᠠᠵᠠᠷ᠎ᠤᠨ ᠲᠤᠢ᠌ᠮᠠᠷ ᠭᠠᠷᠤᠭᠰᠠᠨ ᠭᠠᠵᠠᠷ᠎ᠤᠨ ᠠᠵᠢᠯᠯᠠᠬᠤ ᠳᠤᠭᠤᠶ᠋ᠢᠯᠠᠩ ᠪᠠ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠂ ᠬᠠᠷᠠᠮᠥ᠋ᠷᠡᠨ ᠮᠤᠵᠢ ᠵᠢᠨ ᠤᠢ ᠰᠢᠭᠤᠶ ᠵᠢᠨ ᠭᠠᠯ ᠰᠡᠷᠬᠡᠢ᠌ᠯᠡᠬᠦ ᠵᠢ ᠵᠢᠯᠣᠭᠣᠳᠬᠤ ᠭᠠᠵᠠᠷ᠎ᠤᠨ ᠮᠡᠳᠡᠬᠦᠯᠦᠯᠳᠠ᠄
      ᠨᠢᠭᠡ᠂ 5᠎ᠤ ᠡᠳᠦᠷ᠎ᠤᠨ 15 ᠴᠠᠭ ᠪᠤᠯᠳᠠᠯ᠎ᠠ᠂ ᠥᠪᠥᠷ ᠮᠣᠩᠭᠣᠯ᠎ᠤᠨ ᠶᠡᠬᠡ ᠬᠢᠩᠭ᠋ᠠᠨ ᠳᠠᠪᠠᠭ᠎ᠠ ᠵᠢᠨ ᠭᠤᠤᠯᠳᠠᠯᠭ᠎ᠠ᠎ᠲᠠᠢ ᠤᠯᠤᠰ᠎ᠤᠨ ᠦᠮᠴᠢᠯᠡᠯᠳᠤ ᠤᠢ ᠰᠢᠭᠤᠢ ᠵᠢᠨ ᠬᠠᠮᠢᠶᠠᠷᠤᠯᠲᠠ ᠵᠢᠨ ᠲᠣᠪᠴᠢᠶ᠎ᠠ ᠵᠢᠨ ᠬᠠᠨᠮᠠ ᠪᠠᠶ᠋ᠢᠭ᠋ᠠᠯᠢ ᠵᠢᠨ ᠬᠠᠮᠠᠭ᠋ᠠᠯᠠᠯᠲᠠ ᠵᠢᠨ ᠣᠷᠣᠨ᠎ᠤ ᠤᠢ ᠰᠢᠭᠤᠶ ᠵᠢᠨ ᠲᠤᠢ᠌ᠮᠠᠷ᠎ᠤᠨ ᠥᠪᠥᠷ ᠮᠣᠩᠭᠣᠯ᠎ᠤᠨ ᠬᠢᠯᠢ ᠳᠣᠲᠣᠷᠠᠬᠢ ᠵᠡᠭᠦᠨ ᠡᠮᠦᠨᠡᠲᠦ ᠱᠤᠭᠤᠮ᠎ᠢ ᠨᠢᠭᠡᠨᠲᠡ ᠬᠤᠮᠤᠷᠭ᠋ᠠᠯᠠᠨ ᠪᠦᠰᠡᠯᠡᠵᠦ᠂ ᠤᠳᠤᠬᠠᠨ᠎ᠳᠤ ᠶᠠᠭ ᠴᠡᠪᠡᠷᠯᠡᠨ ᠰᠠᠬᠢᠵᠦ ᠪᠤᠢ᠃ ᠭᠠᠯ ᠭᠠᠷᠤᠭᠰᠠᠨ ᠭᠠᠵᠠᠷ᠎ᠤᠨ ᠪᠠᠷᠠᠭᠤᠨ ᠬᠣᠶ᠋ᠢᠲᠤ ᠱᠤᠭᠤᠮ᠎ᠤᠨ ᠵᠠᠷᠢᠮ ᠬᠡᠰᠡᠭ᠎ᠲᠤ ᠪᠠᠷᠤᠭ 1 ᠺᠢᠯᠣᠮᠧᠲᠷ ᠲᠠᠰᠤᠯᠳᠠᠩᠭᠤᠶ ᠭᠠᠯ ᠱᠤᠭᠤᠮ ᠪᠤᠢ᠂ ᠤᠮᠠᠷᠠᠲᠤ ᠱᠤᠭᠤᠮ᠎ᠤᠨ ᠬᠡᠰᠡᠭ ᠭᠠᠯ᠎ᠤᠨ ᠴᠡᠭ᠎ᠲᠠᠬᠢ ᠲᠤᠢ᠌ᠮᠠᠷ᠎ᠢ ᠪᠦᠲᠦᠮᠵᠢᠲᠡᠶ ᠬᠢᠵᠠᠭ᠋ᠠᠷᠯᠠᠵᠠᠢ᠃ ᠲᠤᠢ᠌ᠮᠠᠷ ᠭᠠᠷᠤᠭᠰᠠᠨ ᠭᠠᠵᠠᠷ᠎ᠲᠤ ᠤᠷᠤᠭᠤᠯᠤᠭᠰᠠᠨ ᠴᠡᠷᠢᠭ᠎ᠤᠨ ᠬᠦᠴᠦᠨ 2370 ᠬᠦᠮᠦᠨ (ᠡᠭᠦᠨ᠎ᠳᠤ ᠤᠢ ᠰᠢᠭᠤᠢ ᠵᠢᠨ ᠴᠠᠭᠳᠠᠭ᠎ᠠ 990 ᠬᠦᠮᠦᠨ᠂ ᠲᠤᠰᠬᠠᠶ ᠮᠡᠷᠭᠡᠵᠢᠯ᠎ᠤᠨ ᠭᠠᠯ ᠤᠨᠳᠠᠷᠭ᠋ᠠᠭᠴᠢ 1380 ᠬᠥᠮᠦᠨ)᠂ ᠪᠡᠯᠡᠳᠬᠡᠯ ᠬᠦᠴᠦᠨ 2060 ᠬᠥᠮᠦᠨ (ᠤᠢ ᠰᠢᠭᠤᠢ ᠵᠢᠨ ᠴᠠᠭᠳᠠᠭ᠎ᠠ1000 ᠬᠥᠮᠦᠨ᠂ ᠲᠤᠰᠬᠠᠶ ᠮᠡᠷᠭᠡᠵᠢᠯ᠎ᠤᠨ ᠭᠠᠯ ᠤᠨᠳᠠᠷᠭ᠋ᠠᠭᠴᠢ 1060 ᠬᠦᠮᠦᠨ ᠪᠠᠶ᠋ᠢᠨ᠎ᠠ)᠃ ᠡᠬᠦᠨ᠎ᠠᠴᠠ ᠭᠠᠳᠠᠨ᠎ᠠ᠂ ᠦᠨᠦᠳᠦᠷ᠎ᠤᠨ 10 ᠴᠠᠭ᠎ᠲᠤ ᠬᠢᠷᠢᠨ᠎ᠠᠴᠠ ᠰᠢᠯᠵᠢᠬᠦᠯᠦᠨ ᠴᠤᠭᠯᠠᠭᠤᠯᠤᠭᠰᠠᠨ1000 ᠤᠢ ᠰᠢᠭᠤᠢ ᠵᠢᠨ ᠴᠠᠭᠳᠠᠭ᠎ᠠ ᠮᠣᠲ᠋ᠣᠷᠴᠢᠯᠠᠭᠰᠠᠨ ᠬᠥᠳᠡᠯᠦᠩᠭᠦᠶ ᠠᠷᠭ᠎ᠠ᠎ᠪᠠᠷ ᠦᠪᠦᠷ ᠮᠤᠩᠭᠤᠯ᠎ᠤᠨ ᠬᠢᠯᠢ ᠬᠢᠵᠠᠭ᠋ᠠᠷ᠎ᠳᠠᠬᠢ ᠲᠤᠢ᠌ᠮᠠᠷ ᠭᠠᠷᠤᠭᠰᠠᠨ ᠭᠠᠵᠠᠷ᠎ᠲᠤ ᠬᠦᠷᠴᠡᠢ᠃ ᠤᠢ ᠰᠢᠭᠤᠢ ᠵᠢᠨ ᠬᠠᠮᠠᠭ᠋ᠠᠯᠠᠯᠳᠠ ᠵᠢᠨ ᠠᠭ᠋ᠠᠷ ᠠᠶᠠᠯᠠᠯ᠎ᠤᠨ 9 ᠨᠢᠰᠬᠡᠯ ᠭᠠᠯ ᠤᠨᠲᠠᠷᠠᠭ᠋ᠠᠬᠤ᠎ᠳᠤ ᠤᠷᠤᠯᠴᠡᠵᠠᠢ᠃ ᠲᠤᠢ᠌ᠮᠠᠷ ᠭᠠᠷᠤᠭᠰᠠᠨ ᠭᠠᠵᠠᠷ᠎ᠲᠤ ᠨᠢᠭᠡᠨ ᠵᠡᠷᠭᠡ ᠪᠣᠷᠣᠭ᠋ᠠᠨ ᠣᠷᠣᠪᠠ᠂ ᠪᠠᠷᠠᠭᠤᠨ ᠡᠮᠦᠨ᠎ᠠ᠎ᠠᠴᠠ 1 ᠳᠡᠰ᠎ᠤᠨ ᠰᠠᠯᠬᠢᠨ᠎ᠲᠠᠢ᠂ ᠳᠤᠯᠠᠭ᠋ᠠᠨ᠎ᠤ ᠬᠡᠮᠵᠢᠶ᠎ᠡ 13 ᠭ᠋ᠷᠠᠳᠦ᠋ᠰ᠂ ᠬᠥᠮᠦᠨ᠎ᠤ ᠬᠦᠴᠦᠨ᠎ᠤ ᠪᠣᠷᠣᠭ᠋ᠠᠨ ᠤᠷᠤᠭᠤᠯᠬᠤ᠎ᠨᠢ ᠮᠦᠨᠴᠤ ᠦᠷᠭᠦᠯᠵᠢᠯᠡᠭᠰᠡᠭᠡᠷ ᠪᠠᠶ᠋ᠢᠨ᠎ᠠ᠃
     5᠎ᠤ ᠡᠳᠦᠷ᠎ᠤᠨ 16 ᠴᠠᠭ ᠪᠣᠯᠲᠠᠯ᠎ᠠ᠂ ᠬᠠᠷᠠᠮᠥ᠋ᠷᠡᠨ ᠮᠤᠵᠢ ᠵᠢᠨ ᠶᠡᠬᠡ ᠬᠢᠩᠭ᠋ᠠᠨ ᠳᠠᠪᠠᠭ᠋ᠠᠨ᠎ᠤ ᠬᠤᠲᠤᠭᠲᠤ ᠵᠢᠨ ᠬᠢᠯᠢ ᠲᠤᠳᠤᠷ᠎ᠠ ᠭᠠᠷᠤᠭᠰᠠᠨ ᠲᠤᠢ᠌ᠮᠠᠷ᠎ᠤᠨ ᠪᠠᠢ᠌ᠳᠠᠯ ᠲᠣᠭᠲᠠᠭᠤᠨ ᠪᠠᠶ᠋ᠢᠵᠤ᠂ ᠵᠠᠷᠢᠮ ᠭᠠᠵᠠᠷ᠎ᠲᠤ ᠬᠡᠰᠡᠭ ᠪᠤᠰᠠᠭ ᠭᠠᠯ ᠴᠡᠭ ᠪᠠ ᠭᠠᠯ᠎ᠤᠨ ᠴᠤᠭ ᠪᠤᠢ᠃ ᠲᠤᠢ᠌ᠮᠠᠷ ᠭᠠᠷᠤᠭᠰᠠᠨ ᠭᠠᠵᠠᠷ᠎ᠲᠤ ᠤᠷᠤᠭᠰᠠᠨ ᠴᠡᠷᠢᠭ᠎ᠤᠨ ᠬᠦᠴᠦᠨ ᠣᠳᠣᠬᠠᠨ᠎ᠳᠤ 2115 ᠬᠥᠮᠦᠨ (ᠡᠭᠦᠨ᠎ᠳᠤ ᠤᠢ ᠰᠢᠭᠤᠢ ᠵᠢᠨ ᠴᠠᠭᠳᠠᠭ᠎ᠠ 815 ᠬᠦᠮᠦᠨ)᠂ ᠣᠳᠣ ᠨᠢᠭᠡᠨᠳᠠ 661 ᠨᠡᠷᠡᠰ ᠲᠤᠰᠬᠠᠶ ᠮᠡᠷᠭᠡᠵᠢᠯ᠎ᠤᠨ ᠬᠦᠮᠦᠨ ᠲᠤᠢ᠌ᠮᠠᠷ ᠭᠠᠷᠤᠭᠰᠠᠨ ᠭᠠᠵᠠᠷ᠎ᠲᠤ ᠶᠠᠪᠠᠭ᠋ᠠᠨ ᠵᠶ᠋ᠠᠷ ᠣᠷᠣᠵᠤ᠂ ᠪᠤᠰᠤᠳ 2800 ᠬᠥᠮᠦᠨ (ᠡᠭᠦᠨ᠎ᠳᠤ ᠤᠢ ᠰᠢᠭᠤᠢ ᠵᠢᠨ ᠴᠠᠭᠳᠠᠭ᠎ᠠ 2400 ᠬᠥᠮᠦᠨ) ᠴᠤᠭᠯᠠᠷᠠᠵᠦ᠂ ᠪᠠᠶ᠋ᠢᠳᠠᠯ᠎ᠢ ᠦᠵᠡᠵᠦ ᠲᠤᠰᠠᠯᠠᠬᠤ᠎ᠪᠠᠷ ᠪᠤᠢ᠃ ᠤᠢ ᠰᠢᠭᠤᠢ ᠵᠢᠨ ᠬᠠᠮᠠᠭ᠋ᠠᠯᠠᠯᠳᠠ ᠵᠢᠨ 30 ᠨᠢᠰᠬᠡᠯ ᠲᠤᠢ᠌ᠮᠠᠷ ᠤᠨᠲᠠᠷᠠᠭ᠋ᠠᠬᠤ ᠠᠵᠢᠯ᠎ᠳᠤ ᠤᠷᠤᠯᠴᠠᠵᠦ ᠪᠤᠢ᠃ ᠲᠤᠢ᠌ᠮᠠᠷ ᠭᠠᠷᠤᠭᠰᠠᠨ ᠭᠠᠵᠠᠷ᠎ᠲᠤ ᠲᠩᠷᠢ ᠪᠦᠷᠬᠦᠭ᠂ ᠵᠡᠬᠦᠨ ᠬᠤᠢ᠌ᠨ᠎ᠠ᠎ᠠᠴᠠ 2 - 3 ᠳᠡᠰ᠎ᠤᠨ ᠰᠠᠯᠬᠢᠨ᠎ᠲᠠᠢ᠂ ᠠᠭ᠋ᠠᠷ᠎ᠤᠨ ᠳᠤᠯᠠᠭ᠋ᠠᠨ 19 ᠭ᠋ᠷᠠᠳᠦ᠋ᠰ ᠪᠣᠯᠤᠨ᠎ᠠ᠃
      ᠭᠠᠯ ᠲᠦ᠍ᠢ᠌ᠮᠡᠷ᠎ᠤᠨ ᠲᠠᠯᠠᠪᠠᠶ ᠵᠢ ᠬᠢᠨᠠᠨ ᠪᠠᠶ᠋ᠢᠴᠠᠭ᠋ᠠᠬᠤ᠎ᠪᠠᠷ ᠪᠤᠢ
      ᠬᠣᠶᠠᠷ᠂ ᠥᠪᠥᠷ ᠮᠣᠩᠭᠣᠯ᠎ᠤᠨ ᠶᠡᠬᠡ ᠬᠢᠩᠭ᠋ᠠᠨ ᠳᠠᠪᠠᠭ᠎ᠠ ᠵᠢᠨ ᠭᠤᠤᠯᠳᠠᠯᠭ᠋ᠠᠳᠤ ᠤᠯᠤᠰ᠎ᠤᠨ ᠦᠮᠴᠢᠯᠡᠯᠳᠤ ᠤᠢ ᠰᠢᠭᠤᠢ ᠵᠢᠨ ᠬᠠᠮᠢᠶᠠᠷᠤᠯᠲᠠ ᠵᠢᠨ ᠲᠣᠪᠴᠢᠶ᠎ᠠ ᠵᠢᠨ ᠬᠣᠶ᠋ᠢᠲᠤ ᠪᠡᠶ᠎ᠡ᠎ᠳᠠᠬᠢ ᠪᠠᠯᠠᠷ ᠡᠷᠲᠡᠨ᠎ᠤ ᠤᠢ᠌ᠲᠤ ᠤᠷᠤᠨ᠎ᠤ ᠴᠢ ᠴᠢᠶᠠᠨ ᠤᠢ ᠰᠢᠭᠤᠢ ᠵᠢᠨ ᠲᠤᠪᠴᠢᠶᠠᠨ᠎ᠤ ᠠᠪᠠ ᠭᠣᠣᠯ ᠤᠢ ᠰᠢᠭᠤᠶ ᠵᠢᠨ ᠳᠠᠯᠠᠪᠠᠢ ᠵᠢᠨ ᠤᠢ ᠰᠢᠭᠤᠶ ᠵᠢᠨ ᠭᠠᠯ ᠲᠤᠢ᠌ᠮᠠᠷ᠎ᠢ ᠦᠷᠭᠦᠯᠵᠢᠯᠡᠨ ᠴᠡᠪᠡᠷᠯᠠᠨ ᠰᠠᠬᠢᠵᠦ ᠪᠠᠶ᠋ᠢᠨ᠎ᠠ᠃
      ᠡᠮᠦᠨ᠎ᠡ ᠹᠷᠣᠨᠲ᠎ᠲᠤ ᠶᠡᠬᠡ ᠬᠢᠩᠭ᠋ᠠᠨ ᠳᠠᠪᠠᠭ᠎ᠠ ᠵᠢᠨ ᠲᠦᠢ᠍ᠮᠡᠷ ᠤᠨᠳᠠᠷᠠᠭ᠋ᠠᠬᠤ ᠬᠠᠮᠲᠤᠷᠠᠨ ᠵᠢᠯᠣᠭᠣᠳᠬᠤ ᠬᠡᠯᠲᠡᠰ᠎ᠢ ᠪᠠᠶ᠋ᠢᠭᠤᠯᠵᠤ  ᠂ ᠯᠢ ᠱᠤ᠌ ᠮᠢᠩ ᠳᠡᠳ᠋ ᠲᠣᠪᠴᠢᠶᠠᠨ ᠳᠠᠷᠤᠭ᠎ᠠ ᠶᠡᠷᠦᠩᠬᠡᠶ ᠤᠳᠤᠷᠢᠳᠤᠭᠴᠢ ᠵᠢᠨ ᠲᠤᠰᠢᠶᠠᠯ᠎ᠢ ᠬᠠᠷᠢᠭᠤᠴᠠᠵᠠᠢ᠂ ᠬᠣᠯᠪᠣᠭᠳᠠᠯ ᠪᠦᠬᠦᠢ ᠨᠥᠬᠥᠷ ᠵᠶ᠋ᠠᠷ ᠳᠤᠭᠤᠶ᠋ᠢᠯᠠᠩ᠎ᠤᠨ ᠳᠡᠳ᠋ ᠶᠡᠷᠦᠩᠬᠡᠶ ᠵᠢᠯᠤᠭᠤᠳᠤᠭᠴᠢ᠂ ᠭᠠᠯ ᠲᠤᠢ᠌ᠮᠠᠷ ᠤᠨᠳᠠᠷᠠᠭ᠋ᠠᠬᠤ ᠠᠵᠢᠯ᠎ᠢ ᠨᠢᠭᠡᠳᠦᠯᠲᠡᠶ ᠲᠥᠯᠥᠪᠯᠡᠨ ᠵᠣᠬᠢᠴᠠᠭᠤᠯᠬᠤ ᠵᠢ ᠡᠬᠦᠷᠬᠡᠯᠡᠬᠦᠯᠠᠵᠢ᠃ ᠠᠯᠢᠪᠠ ᠬᠦᠴᠢᠷ ᠪᠡᠷᠬᠡᠰᠢᠶᠡᠯ᠎ᠢ ᠢᠯᠠᠨ ᠳᠠᠪᠠᠬᠤ ᠵᠢ ᠤᠷᠢᠳᠴᠢᠯᠠᠨ ᠱᠠᠭ᠋ᠠᠷᠳᠠᠵᠦ᠂ ᠣᠳᠣᠬᠠᠨ᠎ᠤ ᠠᠰᠢᠭᠲᠠᠶ ᠴᠠᠭ ᠲᠣᠬᠢᠶᠠᠯ᠎ᠢ ᠠᠳᠬᠤᠵᠤ᠂ ᠡᠯ᠎ᠡ ᠵᠠᠩᠭᠢᠯᠠᠭ᠎ᠠ ᠵᠢᠨ ᠬᠡᠰᠡᠭ᠎ᠲᠤ ᠬᠠᠷᠢᠭᠤᠴᠠᠯᠭ᠎ᠠ᠎ᠪᠠᠨ ᠦᠷᠭᠦᠯᠵᠢᠯᠡᠨ ᠭᠦᠢᠴᠡᠳᠬᠡᠵᠦ᠂ ᠬᠡᠰᠡᠭ ᠬᠤᠪᠢᠶᠠᠨ ᠬᠠᠷᠢᠭᠤᠴᠠᠵᠤ᠂ ᠬᠥᠮᠦᠰ᠎ᠤᠨ ᠠᠶᠤᠯᠭᠦᠶ ᠪᠠᠶ᠋ᠢᠳᠠᠯ᠎ᠢ ᠪᠠᠲᠤᠯᠠᠬᠤ ᠤᠷᠢᠲᠠᠯ ᠳᠣᠣᠷ᠎ᠠ ᠬᠤᠮᠤᠷᠭ᠋ᠠᠯᠠᠨ ᠪᠦᠰᠡᠯᠡᠬᠦ ᠵᠢ ᠲᠦᠷᠭᠡᠬᠡᠨ ᠪᠡᠶᠡᠯᠡᠭᠦᠯᠦᠨ᠎ᠡ᠃ (ᠭᠠᠯ ᠰᠡᠷᠭᠡᠶ᠋ᠢᠯᠡᠬᠦ ᠠᠯᠪᠠᠨ ᠭᠡᠷ)

ᠢᠷᠡᠯᠲᠡ᠄ ᠬᠢᠩᠭ᠋ᠠᠨ ᠠᠢ᠌ᠮᠠᠭ᠎ᠤᠨ ᠣᠢ ᠰᠢᠭᠣᠢ ᠵᠢᠨ ᠲᠤᠪᠴᠢᠶ᠎ᠠ
          
ᠬᠠᠮᠢᠶ᠎ᠡ ᠪᠦᠬᠦᠢ ᠰᠣᠨᠢᠨ
ᠥᠪᠥᠷ ᠮᠣᠩᠭᠣᠯ᠎ᠤᠨ ᠬᠢᠩᠭ᠋ᠠᠨ ᠠᠶ᠋ᠢᠮᠠᠭ᠎ᠤᠨ ᠬᠣᠷᠴᠢᠨ᠎ᠤ ᠤᠯᠤᠰ᠎ᠤᠨ ᠲᠠᠰ᠎ᠤᠨ ᠪᠠᠶ᠋ᠢᠭ᠋ᠠᠯᠢ ᠵᠢᠨ ᠬᠠᠮᠠᠭ᠋ᠠᠯᠠᠯᠲᠠ ᠵᠢᠨ ᠣᠷᠣᠨ᠎ᠤ ᠬᠠᠮᠢᠶᠠᠷᠤᠯᠲᠠ ᠵᠢᠨ ᠲᠣᠪᠴᠢᠶ᠎ᠠ᠎ᠠᠴᠠ ᠲᠤᠩᠰᠢᠭᠤᠯ ᠰᠢᠪᠠᠭᠤ ᠮᠡᠲᠤ᠎ᠪᠠᠷ 《ᠤᠷᠤᠨ ᠨᠤᠳᠤᠭ ᠵᠶ᠋ᠠᠨ ᠰᠠᠬᠢᠨ ᠬᠠᠮᠠᠭ᠋ᠠᠯᠠᠶ᠎ᠠ》 ᠬᠡᠬᠦ ᠠᠵᠢᠯᠯᠠᠭ᠎ᠠ ᠦᠷᠨᠢᠬᠦᠯᠪᠡ
ᠰᠢᠯᠢ ᠵᠢᠨ ᠭᠣᠣᠯ ᠠᠶ᠋ᠢᠮᠠᠭ᠎ᠤᠨ ᠤᠢ ᠰᠢᠭᠤᠶ ᠵᠢᠨ ᠠᠮᠢ ᠠᠬᠤᠢ ᠵᠢ ᠬᠠᠮᠠᠭ᠋ᠠᠯᠠᠬᠤ᠎ᠪᠠᠷ ᠶᠠᠳᠠᠭᠤ ᠵᠢ ᠲᠡᠳᠬᠦᠬᠦ ᠠᠵᠢᠯ ᠮᠡᠳᠡᠭᠳᠡᠬᠦᠶ᠋ᠢᠴᠡ ᠦᠷ᠎ᠡ ᠪᠦᠲᠦᠮᠵᠢ ᠤᠯᠪᠠ
ᠬᠥᠯᠥᠨ ᠪᠤᠢ᠌ᠷ ᠬᠤᠳᠠ ᠵᠢᠨ ᠮᠠᠨᠵᠤᠤᠷ᠎ᠤᠨ ᠣᠶ ᠰᠢᠭᠤᠶ ᠵᠢᠨ ᠳᠣᠲᠣᠭ᠋ᠠᠳᠤ ᠵᠢ ᠬᠠᠮᠠᠭ᠋ᠠᠯᠠᠬᠤ ᠲᠤᠪᠴᠢᠶ᠎ᠠ᠄ ᠬᠡᠭᠡᠷ᠎ᠡ ᠵᠢᠨ ᠠᠮᠢᠲᠠᠨ᠎ᠢ ᠬᠠᠮᠠᠭ᠋ᠠᠯᠠᠵᠦ᠂ ᠡᠶ᠎ᠡ ᠵᠤᠬᠢᠴᠠᠯᠳᠤ ᠠᠮᠢ ᠠᠬᠤᠢ ᠵᠢ ᠬᠠᠮᠲᠤᠪᠠᠷ ᠪᠠᠢ᠌ᠭᠤᠯᠤᠨ᠎ᠠ
ᠬᠢᠩᠭ᠋ᠠᠨ ᠠᠢ᠌ᠮᠠᠭ᠎ᠤᠨ ᠲᠦᠴᠢᠦᠸᠠᠨ ᠰᠢᠶᠠᠨ ᠨᠠᠮᠤᠷ᠎ᠤᠨ ᠤᠯᠠᠷᠢᠯ᠎ᠤᠨ ᠣᠶ ᠰᠢᠭᠤᠶ ᠨᠤᠲᠤᠭ ᠪᠡᠯᠴᠢᠭᠡᠷ᠎ᠤᠨ ᠭᠠᠯ᠎ᠢ ᠰᠡᠷᠭᠡᠶ᠋ᠢᠯᠡᠬᠦ ᠬᠤᠭᠤᠴᠠᠭ᠋ᠠᠨ᠎ᠳᠤ ᠤᠷᠢᠳᠴᠢᠯᠠᠨ ᠣᠷᠣᠪᠠ
ᠡᠵᠡᠨ᠎ᠡ ᠬᠣᠰᠢᠭᠤᠨ᠎ᠤ ᠣᠶ ᠰᠢᠭᠤᠶ ᠵᠢᠨ ᠲᠣᠪᠴᠢᠶ᠎ᠠ᠎ᠠᠴᠠ ᠤᠬᠠᠭᠤᠯᠭ᠎ᠠ ᠵᠢᠨ ᠫᠠᠶ᠋ᠢᠰᠠ ᠵᠢ ᠤᠭᠰᠠᠷᠠᠨ ᠲᠤᠬᠢᠷᠠᠭᠤᠯᠵᠤ᠂ ᠨᠡᠶ᠋ᠢᠲᠡ ᠵᠢᠨ ᠠᠰᠠᠷᠠᠮᠵᠢ ᠵᠢᠨ ᠤᠢ ᠵᠢᠨ ᠤᠬᠠᠭᠤᠯᠭ᠎ᠠ ᠵᠢᠨ ᠬᠡᠪᠴᠢᠶ᠎ᠡ ᠵᠢ ᠥᠷᠭᠡᠳᠬᠡᠪᠡ
 
             蒙ICP备05000248号