ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠬᠤᠰᠢᠭᠤ ᠰᠢᠶᠠᠨ᠎ᠤ ᠰᠣᠨᠣᠰᠬᠠᠯ
ᠠᠯᠠᠱ᠌ᠠ ᠠᠭᠤᠯᠠ ᠵᠢᠨ ᠤᠯᠤᠰ᠎ᠤᠨ ᠲᠠᠰ᠎ᠤᠨ ᠪᠠᠢ᠌ᠭ᠋ᠠᠯᠢ ᠵᠢᠨ ᠬᠠᠮᠠᠭ᠋ᠠᠯᠠᠯᠲᠠ ᠵᠢᠨ ᠤᠷᠤᠨ᠎ᠤ ᠣᠶ ᠰᠢᠭᠤᠢ ᠵᠢᠨ ᠪᠦᠷᠬᠦᠴᠡ ᠵᠢᠨ ᠨᠣᠷᠮ᠎ᠠ 57.3%᠎ᠳᠤ ᠬᠦᠷᠴᠡᠶ
ᠨᠡᠶ᠋ᠢᠲᠡᠯᠡᠭᠰᠡᠨ ᠴᠠᠭ᠄ 2022-03-28

      ᠰᠤᠷᠪᠤᠯᠵᠢᠯᠠᠭᠴᠢ ᠬᠠᠮᠢᠶ᠎ᠠ ᠪᠦᠬᠦᠢ ᠪᠠᠢ᠌ᠭᠤᠯᠭ᠎ᠠ ᠨᠢᠭᠡᠴᠢ᠎ᠠᠴᠠ ᠤᠢ᠌ᠯᠠᠭ᠋ᠠᠭᠰᠠᠨ ᠵᠶ᠋ᠠᠷ᠂ ᠣᠯᠠᠨ ᠵᠢᠯ ᠎ᠤᠨ ᠬᠠᠮᠠᠭ᠋ᠠᠯᠠᠯᠲᠠ ᠪᠠ ᠵᠠᠰᠠᠨ ᠰᠡᠷᠭᠦᠭᠡᠯᠳᠡ᠎ᠪᠠᠷ ᠳᠡᠮᠵᠢᠨ᠂ ᠠᠯᠠᠱ᠌ᠠ ᠠᠭᠤᠯᠠ ᠵᠢᠨ ᠤᠯᠤᠰ᠎ᠤᠨ ᠲᠠᠰ᠎ᠤᠨ ᠪᠠᠢ᠌ᠭ᠋ᠠᠯᠢ ᠵᠢᠨ ᠬᠠᠮᠠᠭ᠋ᠠᠯᠠᠯᠳᠠ ᠵᠢᠨ ᠤᠷᠤᠨ᠎ᠤ ᠤᠷᠭᠤᠮᠠᠯ᠎ᠤᠨ ᠪᠦᠷᠬᠦᠴᠡ ᠲᠠᠰᠤᠷᠠᠯᠲᠠ ᠥᠬᠡᠶ ᠦᠷᠭᠡᠵᠢᠵᠤ᠂ ᠬᠡᠭᠡᠷ᠎ᠡ ᠵᠢᠨ ᠠᠮᠢᠲᠠᠨ᠎ᠤ ᠰᠦᠷᠦᠭᠵᠢᠯ ᠵᠢᠯ ᠳᠠᠷᠠᠭ᠋ᠠᠯᠠᠨ ᠪᠤᠵᠠᠭ᠋ᠠᠢ᠌ᠷᠠᠨ᠂ ᠣᠶ   ᠰᠢᠭᠤᠢ ᠵᠢᠨ ᠪᠦᠷᠬᠦᠴᠡ ᠵᠢᠨ ᠨᠣᠷᠮ᠎ᠠ 57.3%᠎ᠳᠤ ᠬᠦᠷᠦᠭᠰᠡᠨ ᠪᠠᠢ᠌ᠨ᠎ᠠ᠃
      ᠤᠢ᠌ᠷ᠎ᠠ ᠵᠢᠨ ᠵᠢᠯ᠎ᠠᠴᠠ ᠨᠠᠭ᠋ᠠᠰᠢ᠂ ᠠᠯᠠᠱ᠌ᠠ ᠠᠢ᠌ᠮᠠᠭ᠎ᠤᠨ᠎ᠬᠢᠨ ᠠᠮᠢ ᠠᠬᠤᠢ ᠵᠢᠨ ᠬᠠᠮᠠᠭ᠋ᠠᠯᠠᠯᠳᠠ ᠪᠠ ᠵᠠᠰᠠᠨ ᠰᠡᠷᠭᠦᠭᠡᠯᠳᠡ ᠵᠢᠨ ᠠᠵᠢᠯ᠎ᠢ ᠴᠢᠩᠭ᠋ᠠᠳᠬᠠᠬᠤ ᠵᠢᠨ ᠲᠠᠭ᠋ᠠᠤ ᠠᠯᠠᠱ᠌ᠠ ᠠᠭᠤᠯᠠ ᠵᠢᠨ ᠤᠯᠤᠰ᠎ᠤᠨ ᠲᠠᠰ᠎ᠤᠨ ᠪᠠᠢ᠌ᠭ᠋ᠠᠯᠢ ᠵᠢᠨ ᠬᠠᠮᠠᠭ᠋ᠠᠯᠠᠯᠳᠠ ᠵᠢᠨ ᠤᠷᠤᠨ᠎ᠢ ᠪᠠᠢ᠌ᠭᠤᠯᠵᠤ᠂   ᠪᠡᠯᠴᠢᠭᠡᠷᠯᠡᠬᠦᠯᠬᠦ ᠵᠢ ᠵᠤᠭᠰᠤᠭ᠋ᠠᠵᠤ ᠤᠢ᠌ᠵᠢᠭᠤᠯᠬᠤ᠂ ᠨᠡᠭᠦᠳᠡᠯ ᠠᠷᠠᠳ᠎ᠢ ᠨᠡᠬᠦᠯᠬᠡᠬᠦ ᠵᠢᠨ ᠬᠠᠮᠲᠤ   ᠬᠠᠮᠠᠭ᠋ᠠᠯᠠᠯᠳᠠ ᠵᠢᠨ ᠤᠷᠤᠨ᠎ᠤ ᠭᠠᠳᠠᠭᠤᠷ 115 ᠺᠢᠯᠣᠮᠧᠲᠷ᠎ᠤᠨ ᠲᠤᠤᠷ ᠲᠠᠲᠠᠵᠤ᠂ ᠣᠷᠳᠣ   ᠬᠤᠭᠤᠴᠠᠭ᠋ᠠᠨ᠎ᠤ ᠲᠤᠷᠰᠢᠬᠢ ᠤᠢ ᠰᠢᠭᠤᠢ ᠪᠠ ᠮᠠᠯ ᠠᠵᠤ ᠠᠬᠤᠶ ᠵᠢᠨ ᠵᠥᠷᠢᠴᠡᠯ᠎ᠢ ᠦᠨᠳᠦᠰᠦᠨ᠎ᠠᠴᠠ᠎ᠨᠢ ᠰᠢᠢ᠍ᠳᠪᠦᠷᠢᠯᠡᠪᠡ᠃ ᠡᠭᠦᠨ᠎ᠤ ᠬᠠᠮᠲᠤ ᠪᠠᠢ᠌ᠭ᠋ᠠᠯᠢ ᠵᠢᠨ ᠤᠢ ᠵᠢᠨ ᠬᠠᠮᠠᠭ᠋ᠠᠯᠠᠯᠳᠠ ᠵᠢᠨ ᠢᠨᠵᠸᠨ᠋ᠸᠷᠢᠩ᠎ᠢ ᠡᠬᠢᠯᠡᠭᠦᠯᠵᠦ᠂ ᠠᠭᠤᠯᠠ ᠵᠢ ᠪᠢᠳᠡᠭᠦᠮᠵᠢᠯᠡᠨ ᠤᠢ᠌ᠵᠢᠭᠤᠯᠵᠤ᠂ ᠠᠮᠢ ᠠᠬᠤᠢ ᠣᠷᠴᠢᠨ ᠲᠣᠭᠣᠷᠢᠨ᠎ᠢ ᠵᠢᠯ ᠳᠠᠷᠠᠭ᠋ᠠᠯᠠᠨ ᠰᠠᠢ᠍ᠵᠢᠷᠠᠭᠤᠯᠪᠠ᠃
      ᠪᠠᠢ᠌ᠴᠠᠭ᠋ᠠᠯᠳᠠ ᠵᠢᠨ ᠮᠠᠲ᠋ᠧᠷᠢᠶᠠᠯ᠎ᠳᠤ ᠢᠯᠡᠷᠡᠬᠦᠯᠦᠭᠰᠡᠨ ᠵᠶ᠋ᠡᠷ᠂ ᠠᠯᠠᠱ᠌ᠠ ᠠᠭᠤᠯᠠ ᠵᠢᠨ ᠣᠶ   ᠰᠢᠭᠤᠢ ᠵᠢᠨ ᠪᠦᠷᠬᠦᠴᠡ ᠵᠢᠨ ᠨᠣᠷᠮ᠎ᠠ 2001 ᠤᠨ᠎ᠳᠤ 51% ᠪᠠᠢ᠌ᠭᠰᠠᠨ᠎ᠠᠴᠠ᠎ᠪᠠᠨ ᠣᠲᠣ 57.3 % ᠪᠣᠯᠤᠨ ᠳᠡᠭᠡᠭᠰᠢᠯᠡᠵᠦ᠂ ᠤᠢ᠌ᠲᠦ ᠭᠠᠵᠠᠷ᠎ᠤᠨ ᠲᠠᠯᠠᠪᠠᠶ 60.62 ᠲᠦᠮᠡᠨ ᠮᠥ᠍ ᠪᠣᠯᠤᠨ ᠨᠡᠮᠡᠭᠳᠡᠪᠡ᠃ ᠲᠤᠷᠤᠭ ᠪᠤᠭᠤ 6000 ᠭᠠᠷᠤᠶ ᠪᠣᠯᠤᠨ ᠨᠡᠮᠡᠭᠳᠡᠵᠦ᠂ ᠶᠠᠩᠭᠢᠷ 6 ᠲᠦᠮᠡ ᠭᠠᠷᠤᠶ ᠪᠣᠯᠤᠨ ᠨᠡᠮᠡᠭᠳᠡᠪᠡ᠃

ᠢᠷᠡᠯᠲᠡ᠄ ᠳᠣᠮᠳᠠᠳᠣ ᠣᠯᠣᠰ᠎ᠤᠨ ᠮᠣᠩᠭᠣᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠠᠷᠤ ᠬᠤᠷᠴᠢᠨ ᠬᠤᠰᠢᠭᠤ ᠣᠢ ᠰᠢᠭᠤᠢ ᠨᠣᠳᠤᠭ ᠪᠡᠯᠴᠢᠭᠡᠷ᠎ᠤᠨ ᠭᠠᠯ᠎ᠢ ᠰᠡᠷᠭᠡᠶ᠋ᠢᠯᠡᠨ ᠣᠡᠳᠡᠷᠡᠭ᠋ᠠᠬᠤ ᠵᠢᠯᠣᠭᠤᠳᠣᠡᠡᠴᠢ ᠵᠢᠨ ᠪᠣᠯᠪᠠᠰᠣᠷᠡᠯ᠎ᠤᠨ ᠠᠩᠬᠢ ᠡᠷᠬᠢᠯᠡᠪᠡ
ᠠᠯᠠᠱ᠌ᠠ ᠠᠶ᠋ᠢᠮᠠᠭ 1 ᠳ᠋ᠦ᠍ᠭᠡᠷ ᠲᠣᠭ᠋ᠠᠲᠤ ᠣᠶ ᠰᠢᠭᠤᠢ ᠵᠢᠨ ᠳᠠᠷᠤᠭ᠎ᠠ ᠵᠢᠨ ᠵᠠᠷᠯᠢᠭ᠎ᠢ ᠨᠡᠶ᠋ᠢᠲᠡᠯᠡᠵᠦ ᠣᠶ ᠰᠢᠭᠤᠢ ᠨᠤᠲᠤᠭ ᠪᠡᠯᠴᠢᠭᠡᠷ᠎ᠤᠨ ᠭᠠᠯ᠎ᠢ ᠰᠡᠷᠭᠡᠶ᠋ᠢᠯᠡᠨ ᠤᠨᠲᠠᠷᠠᠭ᠋ᠠᠬᠤ ᠠᠵᠢᠯ᠎ᠢ ᠪᠥᠬᠦ ᠲᠠᠯ᠎ᠠ᠎ᠪᠠᠷ ᠴᠢᠩᠭ᠋ᠠᠳᠬᠠᠪᠠ
ᠮᠠ ᠰᠢᠶᠣᠣ ᠵᠢᠶᠦ᠋ᠨ ᠠᠷᠤ ᠬᠣᠷᠴᠢᠨ ᠬᠣᠰᠢᠭᠤᠨ᠎ᠤ ᠣᠶ ᠰᠢᠭᠤᠢ ᠨᠣᠲᠣᠭ ᠪᠡᠯᠴᠢᠭᠡᠷ᠎ᠤᠨ ᠳᠠᠷᠤᠭ᠎ᠠ ᠵᠢᠨ ᠳᠦᠷᠢᠮ ᠵᠢᠴᠢ ᠣᠶ ᠰᠢᠭᠤᠢ ᠨᠤᠲᠤᠭ ᠪᠡᠯᠴᠢᠭᠡᠷ᠎ᠤᠨ ᠭᠠᠯ᠎ᠢ ᠰᠡᠷᠭᠡᠢ᠌ᠯᠡᠨ ᠤᠨᠲᠠᠷᠠᠭ᠋ᠠᠬᠤ ᠠᠵᠢᠯ᠎ᠢ ᠬᠢᠨᠠᠨ ᠵᠢᠯᠣᠭᠣᠳᠪᠠ
ᠲᠦᠩᠯᠢᠶᠣᠤ ᠬᠤᠲᠠ ᠵᠢᠨ ᠣᠶ ᠰᠢᠭᠤᠢ ᠵᠢᠨ ᠠᠵᠤ ᠦᠢ᠍ᠯᠡᠰ᠎ᠤᠨ ᠰᠢᠰᠲ᠋ᠧᠮ ᠦᠨᠳᠦᠰᠦᠨ᠎ᠳᠡᠭᠡᠨ ᠪᠥᠷᠢᠯᠳᠥᠵᠤ ᠠᠮᠢ ᠠᠬᠤᠶ ᠪᠠ ᠠᠵᠤ ᠠᠬᠤᠶ ᠵᠢᠨ ᠬᠤᠣᠰ ᠦᠷ᠎ᠠ ᠠᠰᠢᠬ᠎ᠢ ᠡᠭᠦᠳᠴᠥ ᠪᠤᠢ
ᠲᠦᠩᠯᠢᠶᠣᠤ ᠬᠣᠲᠠ ᠵᠢᠮᠢᠰ᠎ᠤᠨ ᠮᠣᠳᠣᠨ᠎ᠤ ᠠᠷᠠᠴᠢᠯᠠᠯᠳᠠ ᠬᠠᠮᠢᠶᠠᠷᠤᠯᠲᠠ ᠵᠢᠨ ᠮᠡᠷᠭᠡᠵᠢᠯ᠎ᠤᠨ ᠪᠣᠯᠪᠠᠰᠤᠷᠠᠭᠤᠯᠤᠯ᠎ᠢ ᠶᠠᠪᠤᠭᠲᠠᠭᠤᠯᠪᠠ
 
             蒙ICP备05000248号