ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠬᠤᠰᠢᠭᠤ ᠰᠢᠶᠠᠨ᠎ᠤ ᠰᠣᠨᠣᠰᠬᠠᠯ
ᠣᠷᠠᠳ᠎ᠤᠨ ᠳᠤᠮᠳᠠᠳᠤ ᠬᠤᠰᠢᠭᠤᠨ᠎ᠤ ᠣᠶ ᠰᠢᠭᠤᠢ ᠨᠣᠳᠤᠭ ᠪᠡᠯᠴᠢᠭᠡᠷ᠎ᠤᠨ ᠲᠣᠪᠴᠢᠶ᠎ᠠ ᠬᠢᠯᠢ ᠬᠢᠵᠠᠭ᠋ᠠᠷ ᠵᠶ᠋ᠠᠷ ᠥᠩᠭᠡᠷᠡᠬᠦ ᠨᠡᠭᠦᠳᠡᠯ᠎ᠤᠨ ᠰᠢᠪᠠᠭᠤᠳ᠎ᠢ ᠲᠣᠭᠤᠷᠢᠨ ᠬᠠᠮᠠᠭ᠋ᠠᠯᠠᠬᠤ ᠬᠢᠨᠠᠯᠳᠠ᠎ᠪᠠᠨ ᠴᠢᠩᠭ᠋ᠠᠳᠬ᠍ᠵᠣ ᠪᠣᠢ
ᠨᠡᠶ᠋ᠢᠲᠡᠯᠡᠭᠰᠡᠨ ᠴᠠᠭ᠄ 2023-11-09

      ᠣᠶ᠋ᠢᠷ᠎ᠠ ᠵᠢᠨ ᠡᠳᠦᠷ᠎ᠤᠳ᠎ᠲᠤ᠂ ᠤᠷᠠᠳ᠎ᠤᠨ ᠳᠤᠮᠳᠠᠳᠤ ᠬᠤᠰᠢᠭᠤᠨ᠎ᠤ ᠣᠶ ᠰᠢᠭᠤᠢ ᠪᠠ ᠨᠤᠲᠤᠭ ᠪᠡᠯᠴᠢᠭᠡᠷ᠎ᠤᠨ ᠲᠣᠪᠴᠢᠶ᠎ᠠ ᠨᠠᠮᠤᠷ ᠡᠪᠦᠯ᠎ᠤᠨ ᠨᠡᠭᠦᠳᠡᠯ᠎ᠤᠨ ᠰᠢᠪᠠᠭᠤᠳ᠎ᠢ ᠲᠣᠭᠤᠷᠢᠨ ᠬᠠᠮᠠᠭ᠋ᠠᠯᠠᠬᠤ ᠪᠠ ᠬᠢᠨᠠᠯᠳᠠ ᠲᠠᠯᠪᠢᠬᠤ ᠠᠵᠢᠯ᠎ᠢ ᠢᠳᠡᠪᠬᠢᠲᠡᠢ ᠥᠷᠨᠢᠭᠦᠯᠵᠦ᠂ ᠬᠢᠯᠢ ᠬᠢᠵᠠᠭ᠋ᠠᠷ ᠵᠶ᠋ᠠᠷ ᠥᠩᠭᠡᠷᠡᠬᠦ ᠨᠡᠭᠦᠳᠡᠯ᠎ᠤᠨ ᠰᠢᠪᠠᠭᠤᠳ᠎ᠤᠨ ᠲᠤᠭ᠎ᠠ᠂ ᠲᠠᠷᠬᠠᠯᠲᠠ ᠵᠢᠨ ᠪᠠᠶ᠋ᠢᠳᠠᠯ ᠵᠢᠴᠢ ᠣᠷᠣᠰᠢᠨ ᠠᠮᠢᠳᠤᠷᠠᠬᠤ᠂ ᠨᠡᠭᠦᠳᠡᠯᠯᠡᠬᠦ ᠵᠢᠮ᠎ᠡ ᠶᠣᠰᠣ ᠵᠢ ᠬᠠᠮᠤᠭ᠎ᠤᠨ ᠲᠡᠷᠢᠭᠦᠨ᠎ᠳᠤ ᠣᠶ᠋ᠢᠯᠠᠭ᠋ᠠᠨ ᠡᠵᠡᠮᠰᠢᠬᠦ ᠵᠢ ᠪᠠᠲᠤᠯᠠᠵᠤ᠂ ᠨᠡᠭᠦᠳᠡᠯ᠎ᠤᠨ ᠰᠢᠪᠠᠭᠤᠳ᠎ᠤᠨ ᠠᠮᠤᠷ ᠲᠦᠪᠰᠢᠨ ᠵᠶ᠋ᠠᠷ ᠨᠡᠭᠦᠳᠡᠯᠯᠡᠬᠦ ᠵᠢ ᠬᠠᠮᠠᠭ᠋ᠠᠯᠠᠪᠠ᠃
      ᠮᠦᠶᠠᠩᠬᠠᠢ ᠵᠢᠨ ᠨᠣᠭᠤ ᠭᠠᠵᠠᠷ ᠪᠣᠯ ᠨᠡᠭᠦᠳᠡᠯ᠎ᠤᠨ ᠰᠢᠪᠠᠭᠤᠳ᠎ᠤᠨ ᠴᠢᠬᠤᠯᠠ ᠴᠤᠭᠯᠠᠷᠠᠯ᠎ᠤᠨ ᠣᠷᠣᠨ ᠪᠣᠯᠣᠨ᠎ᠠ᠃ ᠣᠶ᠋ᠢᠷ᠎ᠠ ᠵᠢᠨ ᠵᠢᠯ᠎ᠳᠤ᠂ ᠣᠷᠴᠢᠨ ᠲᠣᠭᠤᠷᠢᠨ᠎ᠢ ᠴᠡᠭᠴᠡᠯᠡᠨ ᠵᠠᠰᠠᠬᠤ᠂ ᠠᠮᠢ ᠠᠬᠤᠢ ᠵᠢ ᠬᠠᠮᠠᠭ᠋ᠠᠯᠠᠨ ᠰᠡᠷᠭᠦᠭᠡᠬᠦ ᠠᠵᠢᠯ᠎ᠤᠨ ᠲᠠᠰᠤᠷᠠᠯᠲᠠ ᠦᠭᠡᠢ ᠠᠬᠢᠭᠤᠯᠬᠤ ᠵᠢ ᠳᠠᠭ᠋ᠠᠯᠳᠤᠨ᠂ ᠬᠠᠮᠠᠭ᠋ᠠᠯᠠᠯᠲᠠ ᠵᠢᠨ ᠣᠷᠣᠨ᠎ᠳᠠᠬᠢ ᠠᠮᠢ ᠠᠬᠤᠢ ᠵᠢᠨ ᠣᠷᠴᠢᠨ ᠲᠣᠭᠤᠷᠢᠨ ᠦᠷᠭᠦᠯᠵᠢᠯᠡᠨ ᠰᠠᠶ᠋ᠢᠵᠢᠷᠠᠵᠤ᠂ ᠠᠮᠢᠳᠤ ᠪᠣᠳᠠᠰ᠎ᠤᠨ ᠣᠯᠠᠨ ᠶᠠᠩᠵᠤᠲᠤ ᠴᠢᠨᠠᠷ ᠢᠯᠡᠳᠲᠡ ᠳᠡᠭᠡᠭᠰᠢᠯᠡᠨ᠂ ᠨᠠᠮᠤᠷ ᠡᠪᠦᠯ᠎ᠤᠨ ᠤᠯᠠᠷᠢᠯ᠎ᠤᠨ ᠬᠢᠯᠢ ᠬᠢᠵᠠᠭ᠋ᠠᠷ ᠵᠶ᠋ᠠᠷ ᠥᠩᠭᠡᠷᠡᠬᠦ ᠨᠡᠭᠦᠳᠡᠯ᠎ᠤᠨ ᠰᠢᠪᠠᠭᠤᠳ᠎ᠤᠨ ᠲᠥᠷᠥᠯ ᠵᠦᠢ᠍ᠯ ᠪᠠ ᠲᠤᠭ᠎ᠠ ᠨᠡᠮᠡᠭᠳᠡᠭᠰᠡᠨ ᠵᠶ᠋ᠠᠷ ᠪᠠᠷᠠᠬᠤ ᠦᠭᠡᠢ᠂ ᠵᠣᠨ᠎ᠤ ᠣᠯᠠᠷᠢᠯ᠎ᠳᠤ ᠨᠡᠭᠦᠳᠡᠯ᠎ᠤᠨ ᠰᠢᠪᠠᠭᠤᠳ᠎ᠤᠨ ᠪᠤᠴᠠᠵᠤ ᠨᠡᠭᠦᠬᠦ ᠲᠤᠭ᠎ᠠ ᠵᠢᠴᠢ ᠰᠢᠪᠠᠭᠤᠳ᠎ᠤᠨ ᠲᠤᠭ᠎ᠠ ᠴᠦ᠍ ᠵᠢᠯ ᠳᠠᠷᠠᠭ᠋ᠠᠯᠠᠨ ᠨᠡᠮᠡᠭᠳᠡᠵᠦ ᠪᠠᠶ᠋ᠢᠨ᠎ᠠ᠃ ᠣᠳᠣᠬᠠᠨ᠎ᠳᠤ᠂ ᠬᠤᠨ ᠭᠠᠯᠠᠭᠤ᠂ ᠨᠤᠭᠤᠰᠤ᠂ ᠪᠣᠷᠣ ᠲᠣᠭᠤᠷᠤᠤ ᠵᠡᠷᠭᠡ ᠣᠯᠠᠨ ᠲᠥᠷᠥᠯ᠎ᠤᠨ ᠨᠡᠭᠦᠳᠡᠯ᠎ᠤᠨ ᠰᠢᠪᠠᠭᠤ ᠵᠠᠯᠭ᠋ᠠᠭ᠎ᠠ᠎ᠪᠠᠷ ᠬᠦᠷᠦᠯᠴᠡᠨ ᠢᠷᠡᠵᠦ᠂ ᠢᠳᠡᠰᠢ ᠡᠷᠢᠨ ᠠᠮᠠᠷᠠᠵᠤ᠂ ᠲᠠᠮᠢᠷ ᠲᠡᠩᠬᠡᠭᠡ᠎ᠪᠠᠨ ᠨᠥᠬᠦᠪᠦᠷᠢᠯᠡᠭᠰᠡᠨ᠎ᠤ ᠳᠠᠷᠠᠭ᠎ᠠ ᠦᠷᠭᠦᠯᠵᠢᠯᠡᠨ ᠡᠮᠦᠨᠡᠰᠢ ᠨᠢᠰᠬᠦ ᠵᠢ ᠣᠯᠵᠣ ᠮᠡᠳᠡᠭᠰᠡᠨ ᠪᠠᠶ᠋ᠢᠨ᠎ᠠ᠃
      ᠨᠡᠭᠦᠳᠡᠯ᠎ᠤᠨ ᠰᠢᠪᠠᠭᠤᠳ᠎ᠤᠨ ᠠᠮᠤᠷ ᠲᠦᠪᠰᠢᠨ ᠵᠶ᠋ᠠᠷ ᠬᠢᠯᠢ ᠬᠢᠵᠠᠭ᠋ᠠᠷ ᠵᠶ᠋ᠠᠷ ᠥᠩᠭᠡᠷᠡᠬᠦ ᠵᠢ ᠪᠠᠲᠤᠯᠠᠬᠤ ᠵᠢᠨ ᠲᠥᠯᠥᠭᠡ᠂ ᠤᠷᠠᠳ᠎ᠤᠨ ᠳᠤᠮᠳᠠᠳᠤ ᠬᠤᠰᠢᠭᠤᠨ᠎ᠤ ᠣᠶ ᠰᠢᠭᠤᠢ ᠪᠠ ᠨᠤᠲᠤᠭ ᠪᠡᠯᠴᠢᠭᠡᠷ᠎ᠤᠨ ᠲᠣᠪᠴᠢᠶ᠎ᠠ ᠲᠣᠭᠤᠷᠢᠨ ᠪᠠᠶ᠋ᠢᠴᠠᠭ᠋ᠠᠬᠤ ᠬᠡᠪᠴᠢᠶ᠎ᠡ᠎ᠪᠠᠨ ᠥᠷᠭᠡᠳᠬᠡᠵᠦ᠂ ᠡᠳᠦᠷ ᠲᠤᠲᠤᠮ᠎ᠤᠨ ᠬᠠᠮᠠᠭ᠋ᠠᠯᠠᠯᠲᠠ᠎ᠪᠠᠨ ᠴᠢᠩᠭ᠋ᠠᠳᠬᠠᠨ᠂ ᠨᠣᠭᠤ ᠭᠠᠵᠠᠷ᠎ᠤᠨ ᠡᠷᠬᠢᠨ ᠲᠣᠭᠤᠷᠢᠨ᠎ᠳᠤ ᠤᠬᠠᠭᠤᠯᠭ᠎ᠠ ᠵᠢᠨ ᠫᠠᠶ᠋ᠢᠰᠠ ᠪᠣᠰᠬᠠᠬᠤ ᠵᠡᠷᠭᠡ ᠬᠡᠯᠪᠡᠷᠢ᠎ᠪᠠᠷ ᠣᠬᠠᠭᠤᠯᠭ᠎ᠠ ᠦᠷᠨᠢᠭᠦᠯᠦᠨ᠂ ᠣᠯᠠᠨ ᠲᠦᠮᠡᠨ᠎ᠤ ᠨᠡᠭᠦᠳᠡᠯ᠎ᠤᠨ ᠰᠢᠪᠠᠭᠤ ᠵᠢ ᠬᠠᠮᠠᠭ᠋ᠠᠯᠠᠬᠤ ᠤᠬᠠᠮᠰᠠᠷ᠎ᠢ ᠴᠢᠩᠭ᠋ᠠᠳᠬᠠᠵᠤ᠂ ᠣᠯᠠᠨ ᠲᠦᠮᠡᠨ᠎ᠤ ᠪᠣᠯᠵᠣᠮᠣᠷ ᠰᠢᠪᠠᠭᠤ ᠵᠢ ᠬᠠᠶ᠋ᠢᠷᠠᠯᠠᠵᠤ ᠬᠠᠮᠠᠭ᠋ᠠᠯᠠᠬᠤ ᠦᠶᠯᠡ ᠠᠵᠢᠯᠯᠠᠭ᠎ᠠ ᠵᠢ ᠢᠳᠡᠪᠬᠢᠲᠡᠢ ᠬᠥᠲᠥᠯᠥᠨ ᠵᠢᠯᠤᠭᠤᠳᠴᠤ᠂ ᠰᠢᠪᠠᠭᠤᠳ᠎ᠤᠨ ᠨᠡᠭᠦᠳᠡᠯᠯᠡᠵᠣ ᠪᠠᠭᠤᠬᠤ᠎ᠳᠤ ᠲᠠᠭ᠋ᠠᠯᠠᠮᠵᠢᠲᠠᠢ᠂ ᠬᠠᠯᠠᠭᠤᠨ ᠳᠤᠯᠠᠭ᠋ᠠᠨ ᠣᠷᠴᠢᠨ ᠲᠣᠭᠤᠷᠢᠨ᠎ᠢ ᠪᠣᠶ ᠪᠣᠯᠭ᠋ᠠᠵᠤ ᠪᠠᠶ᠋ᠢᠨ᠎ᠠ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠢ ᠰᠢᠭᠤᠢ ᠪᠠ ᠨᠤᠳᠤᠭ ᠪᠡᠯᠴᠢᠭᠡᠷ᠎ᠤᠨ ᠲᠤᠪᠴᠢᠶ᠎ᠠ
          
ᠬᠠᠮᠢᠶ᠎ᠡ ᠪᠦᠬᠦᠢ ᠰᠣᠨᠢᠨ
ᠥᠪᠥᠷ ᠮᠣᠩᠭᠣᠯ᠎ᠤᠨ ᠪᠠᠷᠠᠭᠤᠨ ᠬᠡᠰᠡᠭ᠎ᠤᠨ ᠴᠦᠯᠯᠡᠷᠭᠡᠭᠵᠢᠯ᠎ᠢ ᠶᠡᠷᠦᠩᠬᠡᠶ᠋ᠢᠯᠡᠨ ᠵᠠᠰᠠᠬᠤ ᠲᠦᠷᠦᠯ ᠵᠦᠢ᠍ᠯ᠎ᠤᠨ ᠨᠢᠭᠡᠳᠦᠭᠡᠷ ᠬᠤᠭᠤᠴᠠᠭ᠋ᠠᠨ᠎ᠤ ᠠᠵᠢᠯ᠎ᠢ ᠲᠡᠭᠦᠰ ᠠᠮᠵᠢᠯᠲᠠ᠎ᠲᠠᠢ ᠪᠡᠶᠡᠯᠡᠭᠦᠯᠵᠦ ᠨᠤᠲᠤᠭ ᠪᠡᠯᠴᠢᠭᠡᠷ᠎ᠢ ᠵᠠᠰᠠᠨ ᠰᠡᠷᠭᠦᠭᠡᠬᠦ ᠵᠢ ᠲᠦᠷᠭᠡᠳᠬᠡᠪᠡ
ᠤᠢ ᠰᠢᠭᠤᠢ ᠵᠢᠨ ᠳᠠᠷᠤᠭ᠎ᠠ ᠵᠢᠨ ᠲᠦᠷᠢᠮ᠎ᠤᠨ ᠮᠡᠳᠡᠭᠡ ᠵᠠᠩᠭᠢ ᠵᠢᠨ ᠲᠠᠪᠴᠠᠩ᠎ᠤᠨ ᠪᠤᠯᠪᠠᠰᠤᠷᠠᠭᠤᠯᠤᠯ ᠬᠢᠩᠭ᠋ᠠᠨ ᠠᠶ᠋ᠢᠮᠠᠭ᠎ᠲᠤ ᠶᠠᠪᠤᠭᠳᠠᠪᠠ
ᠠᠷᠤ ᠬᠤᠷᠴᠢᠨ ᠬᠣᠰᠢᠭᠤ ᠪᠥᠬᠥ ᠬᠣᠰᠢᠭᠤᠨ᠎ᠤ ᠭᠣᠣᠯ ᠮᠦᠷᠡᠨ ᠨᠠᠭᠤᠷ ᠴᠦᠭᠦᠷᠦᠮ᠎ᠤᠨ ᠳᠠᠷᠤᠭ᠎ᠠ ᠵᠢᠨ ᠳᠦᠷᠢᠮ᠎ᠤᠨ ᠠᠵᠢᠯ ᠵᠢᠴᠢ ᠬᠠᠤᠯᠢ ᠪᠤᠰᠤ᠎ᠪᠠᠷ ᠭᠣᠣᠯ᠎ᠤᠨ ᠬᠡᠪᠡᠯᠢ ᠵᠢ ᠪᠦᠭᠯᠡᠭᠰᠡᠨ ᠠᠰᠠᠭᠤᠳᠠᠯ᠎ᠢ ᠴᠡᠭᠴᠡᠯᠡᠨ ᠵᠠᠰᠠᠬᠤ ᠠᠵᠢᠯ᠎ᠤᠨ ᠬᠤᠷᠠᠯ ᠬᠤᠷᠠᠯᠳᠤᠭᠤᠯᠪᠠ
《ᠨᠠᠮ᠎ᠳᠠᠭᠠᠨ ᠲᠠᠯᠠᠷᠬᠠᠵᠤ᠂ ᠨᠠᠮ᠎ᠤᠨ ᠤᠷᠢᠶ᠎ᠠ ᠵᠢ ᠳᠠᠭ᠋ᠠᠵᠤ᠂ ᠨᠠᠮ ᠵᠶ᠋ᠠᠨ ᠳᠠᠭ᠋ᠠᠶ᠎ᠠ》 ᠥᠪᠡᠷᠲᠡᠭᠡᠨ ᠵᠠᠰᠠᠬᠤ ᠣᠷᠣᠨ᠎ᠤ ᠤᠬᠠᠭᠤᠯᠤᠨ ᠲᠠᠶ᠋ᠢᠯᠪᠤᠷᠢᠯᠠᠬᠤ ᠪᠦᠯᠬᠦᠮ ᠬᠥᠯᠥᠨ ᠪᠣᠶ᠋ᠢᠷ ᠬᠣᠲᠠ᠎ᠳᠤ ᠤᠬᠠᠭᠤᠯᠭ᠎ᠠ ᠬᠢᠪᠠ
ᠪᠡᠯᠴᠢᠭᠡᠷᠯᠡᠭᠦᠯᠬᠦ ᠵᠢ ᠴᠠᠭ᠋ᠠᠵᠠᠯᠠᠬᠤ ᠰᠡᠯᠬᠦᠨ ᠮᠠᠯᠵᠢᠬᠤ ᠲᠤᠰᠬᠠᠢ ᠠᠵᠢᠯᠯᠠᠭ᠎ᠠ ᠵᠢ ᠬᠠᠤᠯᠢ ᠶᠣᠰᠣᠭ᠋ᠠᠷ ᠥᠷᠨᠢᠭᠦᠯᠵᠦ ᠠᠭᠤᠯᠠ ᠤᠰᠤᠨ᠎ᠤ ᠢᠨᠵᠧᠨᠧᠷᠢᠩ᠎ᠤᠨ ᠲᠥᠷᠥᠯ ᠵᠦᠢ᠍ᠯ᠎ᠤᠨ ᠲᠣᠭᠤᠷᠢᠭ᠎ᠤᠨ ᠪᠦᠲᠦᠭᠡᠨ ᠪᠠᠶ᠋ᠢᠭᠤᠯᠤᠯᠲᠠ ᠵᠢᠨ ᠦᠷ᠎ᠡ ᠪᠦᠳᠤᠭᠡᠯ᠎ᠢ ᠰᠠᠬᠢᠨ ᠬᠠᠮᠠᠭ᠋ᠠᠯᠠᠵᠦ ᠪᠠᠶ᠋ᠢᠨ᠎ᠠ
 
             蒙ICP备05000248号