ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠬᠤᠰᠢᠭᠤ ᠰᠢᠶᠠᠨ᠎ᠤ ᠰᠣᠨᠣᠰᠬᠠᠯ
ᠲᠦᠩᠯᠢᠶᠤᠤ ᠬᠤᠳᠠ ᠵᠢᠨ ᠵᠠᠷᠤᠳ ᠬᠤᠰᠢᠭᠤᠨ᠎ᠤ ᠣᠶ ᠰᠢᠭᠤᠢ ᠪᠠ ᠨᠤᠳᠤᠭ ᠪᠡᠯᠴᠢᠭᠡᠷ᠎ᠤᠨ ᠲᠣᠪᠴᠢᠶ᠎ᠠ᠎ᠬᠢᠨ ᠭᠤᠣᠯᠳᠠᠯᠭ᠎ᠠ᠎ᠲᠠᠢ ᠭᠠᠯ ᠰᠡᠷᠭᠡᠶ᠋ᠢᠯᠡᠬᠦ ᠪᠠ ᠤᠯᠤᠰ᠎ᠤᠨ ᠥᠮᠴᠢᠯᠡᠯᠲᠦ ᠣᠶ ᠰᠢᠭᠤᠢ ᠵᠢᠨ ᠲᠠᠯᠠᠪᠠᠶ ᠣᠶ ᠰᠢᠭᠤᠢ ᠵᠢᠨ ᠭᠠᠯ ᠰᠡᠷᠭᠡᠶ᠋ᠢᠯᠡᠬᠦ ᠤᠷᠢᠳᠴᠢᠯᠠᠨ ᠰᠡᠷᠡᠮᠵᠢᠯᠡᠭᠦᠯᠬᠦ ᠲᠠᠪᠴᠠᠩ᠎ᠢ ᠡᠬᠢᠯᠡᠨ ᠬᠡᠷᠡᠭᠯᠡᠪᠡ
ᠨᠡᠶ᠋ᠢᠲᠡᠯᠡᠭᠰᠡᠨ ᠴᠠᠭ᠄ 2023-08-10

      8 ᠰᠠᠷ᠎ᠠ ᠵᠢᠨ 7᠎ᠤ ᠡᠳᠦᠷ᠎ᠠᠴᠠ ᠡᠬᠢᠯᠡᠨ᠂ ᠬᠤᠰᠢᠭᠤᠨ᠎ᠤ ᠣᠶ ᠰᠢᠭᠤᠢ ᠪᠠ ᠨᠤᠳᠤᠭ ᠪᠡᠯᠴᠢᠭᠡᠷ᠎ᠤᠨ ᠲᠣᠪᠴᠢᠶ᠎ᠠ᠎ᠬᠢᠨ ᠭᠤᠣᠯᠳᠠᠯᠭ᠎ᠠ᠎ᠲᠠᠢ ᠭᠠᠯ ᠰᠡᠷᠭᠡᠶ᠋ᠢᠯᠡᠬᠦ ᠪᠠ ᠤᠯᠤᠰ᠎ᠤᠨ ᠥᠮᠴᠢᠯᠡᠯᠲᠦ ᠣᠶ ᠰᠢᠭᠤᠢ ᠵᠢᠨ ᠲᠠᠯᠠᠪᠠᠶ ᠣᠶ ᠰᠢᠭᠤᠢ ᠨᠤᠳᠤᠭ ᠪᠡᠯᠴᠢᠭᠡᠷ᠎ᠤᠨ ᠭᠠᠯ ᠰᠡᠷᠭᠡᠶ᠋ᠢᠯᠡᠬᠦ ᠤᠷᠢᠳᠴᠢᠯᠠᠨ ᠰᠡᠷᠡᠮᠵᠢᠯᠡᠭᠦᠯᠬᠦ ᠲᠠᠪᠴᠠᠩ᠎ᠤᠨ ᠨᠢᠭᠡᠳᠦᠭᠡᠷ ᠬᠤᠭᠤᠴᠠᠭ᠋ᠠᠨ᠎ᠤ ᠲᠥᠷᠥᠯ ᠵᠦᠢ᠍ᠯ᠎ᠢ ᠵᠢᠩᠬᠢᠨᠢ᠎ᠪᠠᠷ ᠲᠤᠷᠰᠢᠨ ᠬᠡᠷᠡᠭᠯᠡᠪᠡ᠃ ᠣᠶ᠋ᠢᠯᠠᠭ᠋ᠠᠭᠰᠠᠨ ᠵᠶ᠋ᠠᠷ᠂ ᠲᠣᠰ ᠲᠠᠪᠴᠠᠩ᠎ᠢ ᠲᠦᠩᠯᠢᠶᠣᠣ ᠵᠢᠨ ᠲᠢᠶᠧ ᠲᠠ ᠺᠣᠮᠫᠠᠨᠢ᠎ᠠᠴᠠ ᠪᠠᠶ᠋ᠢᠭᠤᠯᠵᠤ᠂ ᠣᠶ ᠰᠢᠭᠤᠢ ᠨᠤᠲᠤᠭ ᠪᠡᠯᠴᠢᠭᠡᠷ᠎ᠤᠨ ᠭᠠᠯ ᠰᠡᠷᠭᠡᠶ᠋ᠢᠯᠡᠬᠦ ᠲᠤᠬᠠᠶ᠋ᠢᠯᠠᠭᠰᠠᠨ ᠠᠵᠢᠯ᠎ᠤᠨ ᠬᠡᠷᠡᠭᠴᠡᠭᠡ ᠱᠠᠭ᠋ᠠᠷᠳᠠᠯᠭ᠎ᠠ ᠵᠢᠨ ᠲᠣᠭᠤᠷᠢᠨ᠎ᠳᠤ᠂ ᠣᠯᠠᠨ ᠡᠬᠢᠲᠦ ᠳᠠᠭ᠋ᠠᠭᠤᠯᠢ ᠣᠳᠣᠨ᠎ᠤ ᠠᠯᠤᠰ ᠰᠡᠷᠡᠯ᠎ᠤᠨ ᠲᠤᠭ᠎ᠠ ᠪᠠᠷᠢᠮᠲᠠ ᠵᠢ ᠨᠠᠷᠢᠯᠢᠭ ᠰᠣᠩᠭᠤᠵᠤ᠂ 《ᠦᠨᠳᠤᠷ ᠪᠠᠶ᠋ᠢᠷᠢ᠎ᠠᠴᠠ ᠬᠢᠨᠠᠨ ᠡᠵᠡᠮᠳᠡᠬᠦ + ᠵᠢᠯᠤᠭᠤᠳᠬᠤ ᠲᠥᠪ + ᠬᠠᠮᠢᠶᠠᠷᠤᠯᠲᠠ ᠵᠢᠨ ᠲᠠᠪᠴᠠᠩ》 ᠵᠶ᠋ᠠᠷ ᠭᠤᠣᠯ ᠪᠣᠯᠭ᠋ᠠᠨ᠂ ᠪᠦᠬᠦᠯᠢ ᠡᠳᠦᠷ᠂ ᠲᠤᠰᠬᠠᠯ ᠲᠦᠷᠭᠡᠨ᠂ ᠲᠤᠶ᠋ᠢᠯ᠎ᠤᠨ ᠲᠥᠬᠦᠮ ᠬᠠᠷᠢᠯᠴᠠᠨ ᠰᠣᠯᠪᠢᠴᠠᠯᠳᠤᠭᠰᠠᠨ ᠣᠶ ᠰᠢᠭᠤᠢ ᠵᠢᠴᠢ ᠨᠤᠲᠤᠭ ᠪᠡᠯᠴᠢᠭᠡᠷ᠎ᠤᠨ ᠭᠠᠯ ᠲᠦᠢ᠍ᠮᠡᠷ᠎ᠤᠨ ᠪᠠᠶ᠋ᠢᠳᠠᠯ᠎ᠢ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ ᠦᠢ᠍ᠯᠡᠴᠢᠯᠡᠭᠡᠨ᠎ᠤ ᠲᠠᠪᠴᠠᠩ ᠪᠣᠯᠣᠨ᠎ᠠ᠃ ᠡᠨᠡ᠎ᠨᠢ ᠣᠶ ᠰᠢᠭᠤᠢ ᠵᠢᠴᠢ ᠨᠤᠲᠤᠭ ᠪᠡᠯᠴᠢᠭᠡᠷ᠎ᠤᠨ ᠲᠦᠢ᠍ᠮᠡᠷ᠎ᠤᠨ ᠪᠠᠶ᠋ᠢᠳᠠᠯ᠎ᠢ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ ᠴᠢᠳᠠᠪᠤᠷᠢ ᠵᠢ ᠪᠥᠬᠦ ᠲᠠᠯ᠎ᠠ᠎ᠪᠠᠷ ᠰᠢᠯᠢᠳᠡᠭᠵᠢᠭᠦᠯᠵᠦ᠂ ᠤᠯᠠᠮᠵᠢᠯᠠᠯᠲᠤ ᠬᠢᠨᠠᠨ ᠬᠡᠮᠵᠢᠬᠦ ᠠᠷᠭ᠎ᠠ ᠪᠠᠷᠢᠯ ᠎ᠤᠨ ᠴᠠᠭ ᠲᠤᠬᠠᠢ᠎ᠳᠤᠨᠢ ᠲᠠᠮᠵᠢᠭᠤᠯᠬᠤ᠎ᠪᠠᠷ ᠬᠦᠷᠤᠯᠴᠡᠬᠦ ᠦᠭᠡᠢ᠂ ᠮᠡᠳᠡᠭᠡ ᠵᠠᠩᠭᠢ ᠤᠨᠤᠴᠢ ᠦᠭᠡᠢ ᠵᠡᠷᠭᠡ ᠭᠤᠣᠯ ᠠᠰᠠᠭᠤᠳᠠᠯ᠎ᠢ ᠪᠦᠲᠦᠮᠵᠢᠲᠡᠶ ᠰᠢᠢ᠍ᠳᠪᠦᠷᠢᠯᠡᠪᠡ᠃


6382717736485855148457987.jpg

ᠢᠷᠡᠯᠲᠡ᠄ ᠵᠠᠷᠤᠳ ᠬᠤᠰᠢᠭᠤᠨ᠎ᠤ ᠠᠷᠠᠳ᠎ᠤᠨ ᠵᠠᠰᠠᠭ᠎ᠤᠨ ᠤᠷᠳᠤᠨ
          
ᠬᠠᠮᠢᠶ᠎ᠡ ᠪᠦᠬᠦᠢ ᠰᠣᠨᠢᠨ
ᠬᠤᠷᠢᠨᠭᠡᠷ ᠰᠢᠶᠠᠨ᠎ᠤ ᠣᠶ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ ᠦᠶᠡᠷ᠎ᠤᠨ ᠬᠤᠭᠤᠴᠠᠭ᠋ᠠᠨ᠎ᠤ ᠠᠮᠤᠷ ᠲᠦᠪᠰᠢᠨ᠎ᠤ ᠳᠠᠯᠳᠠ ᠬᠡᠮ᠎ᠢ ᠵᠢᠭᠰᠠᠭ᠋ᠠᠨ ᠪᠠᠶ᠋ᠢᠴᠠᠭ᠋ᠠᠬᠤ ᠠᠵᠢᠯ᠎ᠢ ᠢᠳᠡᠪᠬᠢᠲᠡᠶ ᠥᠷᠨᠢᠭᠦᠯᠪᠡ
ᠬᠠᠭᠤᠴᠢᠨ ᠪᠠᠷᠭᠤ ᠬᠤᠰᠢᠭᠤᠨ᠎ᠤ ᠣᠶ ᠰᠢᠭᠤᠶ ᠪᠠ ᠨᠤᠲᠤᠭ ᠪᠡᠯᠴᠢᠭᠡᠷ᠎ᠤᠨ ᠠᠵᠢᠯ᠎ᠤᠨ ᠥᠷᠲᠡᠭᠡ ᠪᠥᠬᠦ ᠤᠯᠤᠰ᠎ᠤᠨ ᠣᠶ ᠰᠢᠭᠤᠶ ᠨᠤᠲᠤᠭ ᠪᠡᠯᠴᠢᠭᠡᠷ᠎ᠤᠨ ᠠᠮᠢ ᠠᠬᠤᠶ ᠵᠢᠨ ᠶᠡᠷᠦᠩᠬᠡᠶ᠋ᠢᠯᠡᠭᠰᠡᠨ ᠬᠢᠨᠠᠨ ᠬᠡᠮᠵᠢᠯᠲᠡ ᠵᠢᠨ ᠨᠤᠲᠤᠭ ᠪᠡᠯᠴᠢᠭᠡᠷ᠎ᠤᠨ ᠥᠯᠢᠭᠡᠷ ᠭᠠᠵᠠᠷ᠎ᠢ ᠬᠢᠨᠠᠨ ᠬᠡᠮᠵᠢᠬᠦ ᠠᠵᠢᠯ᠎ᠢ ᠤᠷᠤᠭᠰᠢᠲᠠᠶ ᠪᠡᠶᠡᠯᠡᠭᠦᠯᠪᠡ
ᠰᠢᠯᠢ ᠵᠢᠨ ᠭᠣᠤᠯ ᠠᠶ᠋ᠢᠮᠠᠭ ᠬᠢᠯᠢ ᠵᠢᠨ ᠭᠠᠯ ᠰᠡᠷᠭᠡᠶ᠋ᠢᠯᠡᠬᠦ ᠲᠤᠰᠠᠭ᠋ᠠᠷᠯᠠᠬᠤ ᠪᠦᠰᠡ ᠵᠢᠨ ᠪᠥᠲᠥᠭᠡᠨ ᠪᠠᠶ᠋ᠢᠭᠤᠯᠤᠯᠲᠠ ᠵᠢ ᠤᠷᠤᠭᠰᠢᠲᠠᠶ ᠠᠬᠢᠭᠤᠯᠪᠠ
ᠬᠥᠯᠥᠨ ᠪᠣᠶ᠋ᠢᠷ ᠬᠣᠲᠠ ᠵᠢᠨ 《ᠭᠤᠷᠪᠠᠨ ᠤᠮᠠᠷᠠᠲᠤ》 ᠵᠢᠨ ᠵᠢᠷᠭᠤᠳᠤᠭ᠋ᠠᠷ ᠬᠤᠭᠤᠴᠠᠭ᠋ᠠᠨ᠎ᠤ ᠬᠤᠪᠢᠶᠠᠷᠢ ᠲᠥᠷᠥᠯ ᠵᠦᠢ᠍ᠯ᠎ᠤᠨ ᠲᠥᠯᠥᠪᠵᠢᠭᠦᠯᠭᠡ ᠵᠢᠴᠢ ᠪᠥᠲᠥᠭᠡᠨ ᠪᠠᠶ᠋ᠢᠭᠤᠯᠤᠯᠲᠠ ᠵᠢᠨ ᠲᠥᠰᠦᠯ᠎ᠢ ᠨᠠᠶ᠋ᠢᠷᠠᠭᠤᠯᠤᠨ ᠵᠣᠬᠢᠶᠠᠭᠰᠠᠨ ᠪᠠᠶ᠋ᠢᠳᠠᠯ᠎ᠤᠨ ᠲᠤᠬᠠᠶ ᠲᠤᠰᠬᠠᠶ ᠰᠡᠳᠦᠪᠲᠦ ᠪᠠᠶ᠋ᠢᠴᠠᠭ᠋ᠠᠨ ᠰᠤᠳᠤᠯᠤᠯᠲᠠ ᠵᠢᠨ ᠬᠤᠷᠠᠯ ᠤᠷᠤᠭᠰᠢᠲᠠᠶ ᠬᠤᠷᠠᠯᠳᠤᠪᠠ
ᠪᠠᠶᠠᠨᠨᠠᠭᠤᠷ ᠬᠤᠲᠠ ᠵᠢᠨ ᠤᠷᠠᠳ᠎ᠤᠨ ᠬᠤᠶ᠋ᠢᠲᠤ ᠬᠤᠰᠢᠭᠤ ᠵᠢᠨ ᠣᠯᠠᠨ ᠵᠦᠢ᠍ᠯ᠎ᠤᠨ ᠲᠤᠷᠰᠢᠯᠲᠠ ᠵᠢᠨ ᠵᠠᠭᠪᠤᠷ᠎ᠨᠢ ᠡᠯᠡᠰᠦ ᠵᠢ ᠰᠢᠨᠵᠢᠯᠡᠬᠦ ᠤᠬᠠᠭ᠋ᠠᠨᠴᠢ᠎ᠪᠠᠷ ᠵᠠᠰᠠᠬᠤ᠎ᠳᠤ ᠵᠦᠶ ᠵᠣᠬᠢᠰᠲᠠᠶ ᠲᠥᠰᠦᠯ ᠬᠠᠩᠭ᠋ᠠᠪᠠ
 
             蒙ICP备05000248号