ᠣᠶ᠋ᠢᠷ᠎ᠠ ᠵᠢᠨ ᠡᠳᠦᠷ᠂ ᠣᠲᠤᠭᠤᠨ ᠡᠮᠦᠨᠡᠲᠦ ᠬᠤᠰᠢᠭᠤ ᠪᠦᠬᠦ ᠠᠷᠠᠳ ᠵᠶ᠋ᠠᠷ ᠵᠶ᠋ᠠᠨ ᠬᠥᠲᠡᠯᠦᠯᠴᠡᠨ᠂ 《2024 ᠣᠨᠤ ᠮᠣᠣᠠᠣᠰᠣ ᠵᠢᠨ ᠡᠯᠡᠰᠦᠷᠬᠡᠭ ᠭᠠᠵᠠᠷᠢ ᠲᠥᠪᠯᠡᠷᠡᠭᠦᠯᠦᠨ ᠵᠠᠰᠠᠬᠤ ᠪᠤᠭᠤᠮᠲᠠ ᠰᠢᠪᠲᠤᠯᠠᠬᠤ ᠠᠵᠢᠯᠯᠠᠭ᠎ᠠ》ᠪᠠᠨ ᠪᠦᠬᠦ ᠲᠠᠯᠠᠪᠠᠷ ᠡᠬᠢᠯᠡᠭᠦᠯᠦᠯ᠎ᠡ᠃ ᠲᠤᠰ ᠤᠳᠠᠭ᠋ᠠᠨᠤ ᠠᠵᠢᠯᠯᠠᠭ᠎ᠠ ᠵᠢ 3 ᠰᠠᠷ᠎ᠠ ᠵᠢᠨ 25 ~29ᠤ ᠡᠳᠦᠷ ᠪᠤᠯᠲᠠᠯ᠎ᠠ ᠶᠠᠪᠤᠭᠳᠠᠭᠤᠯᠬᠤᠪᠠᠷ ᠪᠠᠶ᠋ᠢᠵᠤ᠂ ᠬᠤᠰᠢᠭᠤᠨᠤ ᠨᠠᠮ ᠵᠠᠰᠠᠭᠤᠨ ᠪᠠᠶ᠋ᠢᠭᠤᠯᠭ᠎ᠠ᠂ ᠠᠵᠤ ᠠᠬᠤᠶ᠋ᠢᠯᠠᠯ᠂ ᠮᠠᠯᠴᠢᠨ ᠲᠠᠷᠢᠶᠠᠴᠢᠨ ᠵᠡᠷᠭᠡ ᠡᠯ᠎ᠡ ᠲᠠᠯ᠎ᠠ ᠵᠢᠨ ᠬᠦᠴᠦᠨᠢ ᠵᠤᠬᠢᠶᠠᠨ ᠪᠠᠶ᠋ᠢᠭᠤᠯᠤᠨ ᠨᠡᠶ᠋ᠢᠲᠡ 5000 ᠭᠠᠷᠤᠢ ᠬᠦᠮᠦᠨᠢ ᠤᠷᠤᠯᠴᠠᠭᠤᠯᠤᠨ᠂ 11 ᠲᠦᠮᠡᠨ ᠮᠤ᠌ ᠠᠮᠢ ᠠᠬᠤᠢ ᠵᠢᠨ ᠪᠦᠲᠦᠭᠡᠨ ᠪᠠᠶ᠋ᠢᠭᠤᠯᠤᠯᠲᠠ ᠵᠢᠨ ᠡᠭᠦᠷᠭᠡ ᠵᠢ ᠪᠡᠶᠡᠯᠡᠭᠦᠯᠬᠦᠪᠠᠷ ᠪᠠᠶ᠋ᠢᠨ᠎ᠠ᠃


