ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠬᠤᠰᠢᠭᠤ ᠰᠢᠶᠠᠨ᠎ᠤ ᠰᠣᠨᠣᠰᠬᠠᠯ
ᠲᠡᠭᠷᠢ ᠵᠢᠨ ᠬᠡᠰᠢᠭᠲᠦ ᠪᠣᠷᠣᠲᠣᠬᠤᠢ ᠡᠯᠡᠰᠦ ᠵᠢ ᠰᠡᠷᠭᠡᠶ᠋ᠢᠯᠡᠵᠦ ᠡᠯᠡᠰᠦ ᠵᠢ ᠵᠠᠰᠠᠬᠤ ᠠᠮᠢ ᠠᠬᠤᠢ ᠵᠢᠨ ᠠᠵᠤ ᠦᠢ᠍ᠯᠡᠰ᠎ᠤᠨ ᠬᠦᠷᠢᠶᠡᠯᠡᠩ ᠡᠭᠦᠳᠡ᠎ᠪᠠᠨ ᠨᠡᠭᠡᠭᠡᠵᠡᠢ!
ᠨᠡᠶ᠋ᠢᠲᠡᠯᠡᠭᠰᠡᠨ ᠴᠠᠭ᠄ 2024-08-05


    7 ᠰᠠᠷ᠎ᠠ ᠵᠢᠨ 16᠎ᠤ ᠡᠳᠦᠷ᠂ ᠪᠠᠶᠠᠨᠨᠠᠭᠤᠷ ᠬᠤᠳᠠ ᠵᠢᠨ ᠳ᠋ᠧᠩᠺᠸᠤ ᠰᠢᠶᠠᠨ᠎ᠤ ᠪᠠᠶᠠᠨᠪᠤᠯᠠᠭ ᠭᠠᠴᠠᠭ᠎ᠠ ᠵᠢᠨ ᠲᠡᠭᠷᠢ ᠵᠢᠨ ᠬᠡᠰᠢᠭᠲᠦ ᠪᠣᠷᠣᠲᠣᠬᠤᠢ ᠡᠯᠡᠰᠦ ᠵᠢ ᠰᠡᠷᠭᠡᠶ᠋ᠢᠯᠡᠵᠦ ᠡᠯᠡᠰᠦ ᠵᠢ ᠵᠠᠰᠠᠬᠤ ᠠᠮᠢ ᠠᠬᠤᠢ ᠵᠢᠨ ᠠᠵᠤ ᠦᠢ᠍ᠯᠡᠰ᠎ᠤᠨ ᠬᠦᠷᠢᠶᠡᠯᠡᠩ ᠡᠭᠦᠳᠡ ᠨᠡᠭᠡᠭᠡᠬᠦ ᠶᠣᠰᠣᠯᠠᠯ ᠶᠠᠪᠤᠭᠤᠯᠵᠤ᠂ ᠪᠠᠶᠠᠨ ᠪᠣᠬᠢᠷᠲᠤᠯ ᠦᠭᠡᠢ ᠠᠵᠤ ᠦᠢ᠍ᠯᠡᠰ᠎ᠤᠨ ᠪᠦᠯᠦᠭᠯᠡᠯ ᠺᠣᠮᠫᠠᠨᠢ ᠵᠢᠨ ᠶᠡᠷᠦᠩᠬᠡᠢ ᠳᠠᠭ᠋ᠠᠭ᠋ᠠᠮᠠᠯ ᠵᠠᠩ ᠯᠦᠩ ᠹᠸᠢ ᠠᠵᠢᠯᠯᠠᠭ᠎ᠠ᠎ᠳᠤ ᠣᠷᠣᠯᠴᠠᠵᠤ ᠶᠠᠷᠢᠶ᠎ᠠ ᠲᠠᠯᠪᠢᠪᠠ᠃ ᠳᠣᠣᠵᠠ ᠬᠠᠶ᠋ᠢᠴᠢᠯᠠᠬᠤ ᠶᠣᠰᠣᠯᠠᠯ ᠳᠠᠭᠤᠰᠤᠭᠰᠠᠨ᠎ᠤ ᠳᠠᠷᠠᠭ᠎ᠠ᠂ ᠬᠤᠷᠠᠯ᠎ᠳᠤ ᠣᠷᠣᠯᠴᠠᠭᠰᠠᠨ ᠬᠦᠨᠳᠦᠲᠦ ᠵᠣᠴᠢᠳ ᠳᠤᠮᠳᠠᠳᠤ ᠢᠰᠷᠧᠯ᠎ᠤᠨ ᠡᠯᠡᠰᠦ ᠵᠢ ᠰᠡᠷᠭᠡᠶ᠋ᠢᠯᠡᠵᠦ ᠡᠯᠡᠰᠦ ᠵᠢ ᠵᠠᠰᠠᠬᠤ ᠠᠮᠢ ᠠᠬᠤᠢ ᠵᠢᠨ ᠠᠵᠤ ᠦᠢ᠍ᠯᠡᠰ᠎ᠤᠨ ᠬᠦᠷᠢᠶᠡᠯᠡᠩ᠎ᠤᠨ ᠦᠵᠡᠭᠦᠯᠦᠯᠭᠡ ᠵᠢᠨ ᠲᠢᠩᠬᠢᠮ᠂ ᠡᠳ᠋ᠰᠢᠭᠦᠯᠦᠨ ᠦᠢ᠍ᠯᠡᠳᠪᠦᠷᠢᠯᠡᠬᠦ ᠢᠯᠭ᠋ᠠᠵᠤ ᠬᠤᠪᠢᠶᠠᠷᠢᠯᠠᠬᠤ ᠲᠥᠪ ᠪᠣᠯᠤᠨ ᠲᠠᠷᠢᠮᠠᠯ᠎ᠤᠨ ᠬᠦᠯᠡᠮᠵᠢ ᠵᠢ ᠲᠣᠭᠤᠷᠢᠨ ᠦᠵᠡᠪᠡ᠃ ᠳᠤᠮᠳᠠᠳᠤ ᠢᠰᠷᠧᠯ᠎ᠤᠨ ᠡᠯᠡᠰᠦ ᠵᠢ ᠰᠡᠷᠭᠡᠶ᠋ᠢᠯᠡᠵᠦ ᠡᠯᠡᠰᠦ ᠵᠢ ᠵᠠᠰᠠᠬᠤ ᠠᠮᠢ ᠠᠬᠤᠢ ᠵᠢᠨ ᠠᠵᠤ ᠦᠢ᠍ᠯᠡᠰ᠎ᠤᠨ ᠬᠦᠷᠢᠶᠡᠯᠡᠩ᠎ᠤᠨ ᠪᠠᠶ᠋ᠢᠭ᠎ᠠ ᠭᠠᠵᠠᠷ᠎ᠤᠨ ᠤᠯᠠᠭ᠋ᠠᠨᠪᠤᠬ᠎ᠠ ᠵᠢᠨ ᠡᠯᠡᠰᠦᠨ ᠴᠦᠯ᠎ᠤᠨ ᠳᠣᠲᠣᠷ᠎ᠠ ᠭᠠᠵᠠᠷ᠎ᠲᠤ 1000 ᠮᠦ᠍ ᠭᠠᠵᠠᠷ ᠡᠵᠡᠯᠡᠵᠦ᠂ ᠲᠡᠷᠢᠭᠦᠨ᠎ᠤ ᠲᠠᠷᠢᠶᠠᠯᠠᠩ᠎ᠤᠨ ᠲᠥᠬᠦᠭᠡᠷᠦᠮᠵᠢ ᠪᠣᠯᠤᠨ ᠮᠡᠷᠭᠡᠵᠢᠯ᠎ᠢ ᠬᠡᠷᠡᠭᠯᠡᠨ ᠳᠡᠭᠡᠳᠦ ᠲᠡᠰ᠎ᠤᠨ ᠲᠠᠷᠢᠶᠠᠯᠠᠩ᠎ᠤᠨ ᠠᠵᠤ ᠦᠢ᠍ᠯᠡᠰ᠎ᠤᠨ ᠬᠦᠷᠢᠶᠡᠯᠡᠩ ᠪᠣᠯᠤᠨ᠎ᠠ᠃ ᠡᠨᠡ ᠵᠢᠯ᠂ ᠪᠠᠶᠠᠨ ᠪᠣᠬᠢᠷᠲᠤᠯ ᠦᠭᠡᠢ ᠠᠵᠤ ᠦᠢ᠍ᠯᠡᠰ᠎ᠤᠨ ᠪᠦᠯᠦᠭᠯᠡᠯ ᠺᠣᠮᠫᠠᠨᠢ᠎ᠨᠢ ᠸᠠᠨ ᠳ᠋ᠢᠩ ᠲᠠᠷᠢᠶᠠᠯᠠᠩ᠎ᠤᠨ ᠰᠢᠨᠵᠢᠯᠡᠬᠦ ᠤᠬᠠᠭ᠋ᠠᠨ ᠮᠡᠷᠭᠡᠵᠢᠯ (ᠭᠤᠸᠠᠩᠳᠦ᠋ᠩ᠎ᠤᠨ ᠮᠤᠤ ᠮᠢᠩ)᠎ᠤᠨ ᠬᠢᠵᠠᠭ᠋ᠠᠷᠲᠤ ᠺᠣᠮᠫᠠᠨᠢ ᠵᠢ ᠰᠢᠨᠵᠢᠯᠡᠬᠦ ᠤᠬᠠᠭ᠋ᠠᠨᠴᠢ᠎ᠪᠠᠷ ᠡᠵᠡᠩᠨᠡᠵᠦ ᠠᠵᠤ ᠦᠢ᠍ᠯᠡᠰ᠎ᠤᠨ ᠬᠦᠷᠢᠶᠡᠯᠡᠩ᠎ᠢ ᠣᠷᠣᠭᠤᠯᠤᠨ ᠠᠪᠴᠢᠷᠠᠵᠤ᠂ ᠬᠥᠬᠡ ᠰᠢᠬᠢᠷᠯᠢᠭ 2 ᠨᠣᠮᠧᠷ᠂ ᠹᠦᠱ᠌ᠠᠨ 88᠂ ᠲᠥᠪᠡᠳ ᠬᠠᠰᠢ ᠵᠢᠨ ᠤᠯᠠᠷᠢᠯ᠎ᠤᠨ ᠵᠢᠵᠢᠭ ᠲᠥᠪᠡᠳ ᠬᠠᠰᠢ ᠵᠢ ᠨᠡᠶ᠋ᠢᠲᠡ 500 ᠭᠠᠷᠤᠶ ᠮᠥ᠍ ᠳᠠᠷᠢᠵᠤ᠂ ᠵᠢᠯ᠎ᠳᠤ 500 ᠲᠦᠮᠡᠨ ᠵᠢᠩ ᠦᠢ᠍ᠯᠡᠳᠪᠦᠷᠢᠯᠡᠵᠦ᠂ ᠬᠤᠷᠢᠶᠠᠬᠤ ᠬᠤᠭᠤᠴᠠᠭ᠎ᠠ᠎ᠨᠢ 11 ᠰᠠᠷ᠎ᠠ ᠪᠣᠯᠲᠠᠯ᠎ᠠ ᠦᠷᠭᠦᠯᠵᠢᠯᠡᠪᠡ᠃ ᠡᠭᠦᠨ᠎ᠤ ᠬᠠᠮᠲᠤ ᠪᠠᠶᠠᠨᠨᠠᠭᠤᠷ᠎ᠤᠨ ᠤᠨᠴᠠᠯᠢᠬᠳᠤ ᠭᠤᠸᠠ ᠵᠢᠮᠢᠰ ᠬᠤᠸᠠ ᠯᠠᠢ ᠱ᠌ᠢ᠂ ᠰᠢ ᠵᠧᠦ ᠮᠢ ᠵᠡᠷᠭᠡ ᠡᠭᠦᠯᠳᠡᠷ᠎ᠢ ᠲᠠᠷᠢᠪᠠ᠃ ᠲᠡᠭᠷᠢ ᠵᠢᠨ ᠬᠡᠰᠢᠭᠲᠦ ᠪᠣᠷᠣᠲᠣᠬᠤᠶ᠎ᠳᠠᠬᠢ ᠡᠯᠡᠰᠦ ᠵᠢ ᠰᠡᠷᠭᠡᠶ᠋ᠢᠯᠡᠵᠦ ᠡᠯᠡᠰᠦ ᠵᠢ ᠵᠠᠰᠠᠬᠤ ᠠᠮᠢ ᠠᠬᠤᠶ ᠵᠢᠨ ᠠᠵᠤ ᠦᠢ᠍ᠯᠡᠰ᠎ᠤᠨ ᠬᠦᠷᠢᠶᠡᠯᠡᠩ᠎ᠨᠢ ᠣᠲᠣ ᠦᠶ᠎ᠡ ᠵᠢᠨ ᠪᠡᠯᠡᠳᠬᠡᠮᠵᠢᠲᠦ ᠲᠠᠷᠢᠶᠠᠯᠠᠩ᠎ᠢ ᠶᠡᠬᠡᠪᠡᠷ ᠬᠥᠭᠵᠢᠭᠦᠯᠵᠦ᠂ ᠡᠯᠡᠰᠦᠨ ᠴᠥᠯ᠎ᠤᠨ ᠲᠠᠷᠢᠶᠠᠯᠠᠩ ᠬᠢᠭᠡᠳ 《ᠠᠮᠢ ᠠᠬᠤᠶ》 ᠵᠢ ᠠᠭᠤᠰᠤᠯᠴᠠᠭᠤᠯᠤᠨ ᠬᠥᠭᠵᠢᠭᠦᠯᠬᠦ ᠵᠠᠮ᠎ᠢ ᠢᠳᠡᠪᠬᠢᠲᠡᠶ ᠠᠬᠢᠭᠤᠯᠬᠤ ᠪᠣᠯᠤᠨ᠎ᠠ᠃
   

ᠢᠷᠡᠯᠲᠡ᠄ ᠪᠠᠶᠠᠨᠨᠠᠭᠤᠷ ᠬᠤᠲᠠ ᠵᠢᠨ ᠠᠷᠠᠳ᠎ᠤᠨ ᠵᠠᠰᠠᠭ᠎ᠤᠨ ᠣᠷᠳᠣᠨ᠎ᠤ ᠵᠠᠰᠠᠭ᠎ᠤᠨ ᠶᠠᠪᠤᠳᠠᠯ᠎ᠤᠨ ᠮᠣᠩᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠤᠯᠠᠭ᠋ᠠᠨᠴᠠᠪ ᠬᠤᠲᠠ ᠪᠡᠭᠡᠵᠢᠩ ᠬᠤᠲᠠ ᠵᠢᠨ ᠲᠠᠷᠢᠶᠠᠯᠠᠩ ᠣᠢ ᠰᠢᠭᠤᠶ ᠵᠢᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠲᠠᠢ ᠬᠠᠮᠲᠤᠷᠠᠯᠴᠠᠭ᠋ᠠᠨ᠎ᠤ ᠬᠡᠯᠡᠯᠴᠡᠭᠡᠷ ᠲᠣᠭᠲᠠᠪᠠ
ᠡᠯᠡᠰᠦ ᠨᠠᠭᠤᠷ᠎ᠤᠨ ᠭᠠᠶ᠋ᠢᠬᠠᠮᠰᠢᠭ᠎ᠢ ᠪᠦᠳᠦᠭᠡᠭᠰᠡᠨ ᠦᠵᠡᠮᠵᠢᠳᠦ ᠤᠷᠤᠨ
ᠠᠤᠬᠠᠨ ᠬᠤᠰᠢᠭᠤᠨ᠎ᠤ ᠮᠣᠳᠤᠨ ᠠᠶ᠋ᠢᠯ ᠰᠢᠶᠠᠩ᠎ᠤᠨ 《ᠣᠢ ᠵᠢᠨ ᠬᠤᠷᠮᠣᠶ》 ᠵᠢᠨ ᠪᠣᠰᠤᠭ᠎ᠠ ᠴᠣᠭᠴᠠᠲᠤ ᠠᠵᠤ ᠠᠬᠤᠶ ᠵᠢ ᠬᠥᠭᠵᠢᠭᠦᠯᠵᠦ ᠲᠠᠷᠢᠶᠠᠴᠢᠳ᠎ᠢ ᠬᠠᠪᠰᠤᠷᠤᠨ ᠣᠷᠣᠯᠭ᠎ᠠ ᠵᠢ ᠨᠡᠮᠡᠭᠳᠡᠭᠦᠯᠪᠡ
ᠰᠢᠯᠢ ᠵᠢᠨ ᠭᠤᠤᠯ ᠠᠶ᠋ᠢᠮᠠᠭ᠎ᠨᠢ ᠬᠤᠯᠠᠨ ᠰᠢᠷᠭ᠎ᠠ ᠲᠠᠭ᠎ᠠ ᠵᠢᠨ ᠡᠯᠡᠰᠦ ᠵᠢ ᠰᠥᠨᠥᠭᠡᠬᠦ ᠲᠠᠶ᠋ᠢᠯᠠᠯᠳᠤᠭ᠋ᠠᠨ᠎ᠢ ᠮᠦᠩᠬᠦᠨ ᠬᠦᠢ᠍ᠯᠭᠡᠭᠡᠨ ᠵᠶ᠋ᠠᠷ ᠳᠡᠮᠵᠢᠪᠡ
《ᠨᠡᠭᠦᠷᠡᠰᠦᠳᠦ᠋ᠷᠦᠭᠴᠢ》᠎ᠪᠠᠷ 《ᠵᠢᠭᠡᠯᠡᠯᠭᠡ》 ᠰᠣᠯᠢᠵᠤ ᠪᠣᠬᠢᠷᠲᠤᠯ ᠦᠭᠡᠢ ᠵᠢ ᠮᠣᠯᠤᠷ ᠡᠷᠳᠡᠨᠢ ᠪᠣᠯᠭ᠋ᠠᠶ᠎ᠠ ᠪᠤᠭᠤᠲᠤ ᠬᠤᠲᠠ ᠨᠡᠭᠦᠷᠡᠰᠦᠲᠥ᠋ᠷᠥᠭᠴᠢ ᠵᠢᠨ ᠬᠤᠷᠠᠮᠠᠯ᠎ᠤᠨ ᠮᠥᠩᠭᠦᠨ ᠭᠦᠢ᠍ᠯᠭᠡᠭᠡᠨ᠎ᠤ ᠰᠢᠨ᠎ᠡ ᠵᠠᠭᠪᠤᠷ᠎ᠢ ᠢᠳᠡᠪᠬᠢᠲᠡᠶ ᠰᠦᠪᠡᠭᠴᠢᠯᠡᠨ ᠬᠥᠭᠵᠢᠭᠦᠯᠪᠡ
 
             蒙ICP备05000248号