6 ᠰᠠᠷ᠎ᠠ ᠵᠢᠨ 4᠎ᠤ ᠡᠳᠦᠷ᠂ ᠬᠣᠲᠠ ᠵᠢᠨ ᠣᠢ ᠰᠢᠭᠤᠶ ᠵᠢᠨ ᠦᠷ᠎ᠡ ᠴᠢᠬᠢ ᠪᠣᠶ᠋ᠢᠵᠢᠭᠤᠯᠬᠤ ᠥᠷᠲᠡᠭᠡ ᠤᠷᠠᠳ᠎ᠤᠨ ᠬᠣᠶ᠋ᠢᠲᠤ ᠬᠣᠰᠢᠭᠤᠨ᠎ᠤ ᠴᠢᠩᠱ᠌ᠠᠨ ᠪᠠᠯᠭ᠋ᠠᠰᠤᠨ᠎ᠤ ᠤᠯᠠᠭ᠋ᠠᠨ ᠬᠣᠰᠢᠭᠤ ᠭᠠᠴᠠᠭ᠋ᠠᠨ᠎ᠳᠤ ᠮᠤᠳᠤᠨ᠎ᠤ ᠦᠯᠢᠭᠡᠷ ᠴᠤᠭᠯᠠᠭᠤᠯᠬᠤ ᠦᠶᠡᠰ᠂ ᠳᠡᠯᠡᠬᠡᠢ ᠵᠢᠨ ᠪᠠᠶ᠋ᠢᠭ᠋ᠠᠯᠢ ᠵᠢᠨ ᠬᠠᠮᠠᠭ᠋ᠠᠯᠠᠯᠲᠠ ᠵᠢᠨ ᠮᠥᠬᠥᠬᠦ ᠰᠢᠬᠠᠭᠰᠠᠨ ᠪᠣᠳᠠᠰ᠎ᠤᠨ ᠳᠦᠷᠰᠦ᠂ ᠭᠤᠷᠪᠠᠳᠠᠭᠴᠢ ᠭᠠᠯᠪᠠ ᠵᠢᠨ ᠡᠷᠲᠡᠨ᠎ᠤ ᠦᠢ᠍ᠯᠡᠳᠦᠭᠳᠡᠯ ᠪᠣᠳᠠᠰ᠎ᠤᠨ ᠲᠥᠷᠥᠯ —ᠨᠢᠴᠦᠭᠦᠨ ᠵᠢᠮᠢᠰ᠎ᠲᠤ ᠮᠤᠳᠤ ᠵᠢ ᠢᠯᠡᠷᠡᠬᠦᠯᠦᠭᠰᠡᠨ ᠪᠠᠶ᠋ᠢᠨ᠎ᠠ᠂ ᠣᠳᠣ ᠡᠨᠳᠡ ᠵᠥᠪᠬᠡᠨ 8 ᠪᠤᠲᠠ ᠪᠤᠢ᠃
ᠨᠢᠴᠦᠭᠦᠨ ᠵᠢᠮᠢᠰ᠎ᠲᠤ ᠮᠤᠳᠤ ᠪᠣᠯ ᠬᠤᠯᠤᠰᠤᠨ ᠢᠵᠠᠭᠤᠷ᠎ᠤᠨ ᠨᠠᠪᠴᠢ ᠵᠤᠯᠭ᠋ᠠᠷᠠᠬᠤ ᠵᠢᠵᠢᠭ ᠪᠤᠲᠠ ᠮᠣᠳᠣ ᠪᠣᠯᠤᠨ᠎ᠠ᠃ ᠬᠠᠢ᠌ᠷᠬᠠᠭ ᠴᠦᠯᠯᠡᠷᠬᠡᠭ ᠣᠷᠣᠨ᠎ᠤ ᠴᠢᠬᠤᠯᠠ ᠤᠷᠭᠤᠮᠠᠯ᠎ᠤᠨ ᠲᠥᠷᠥᠯ᠂ ᠣᠷᠣᠰᠢᠨ ᠲᠣᠭᠲᠠᠨᠢᠬᠤ ᠥᠬᠥᠴᠡᠯ ᠮᠠᠭᠤ᠎ᠠᠴᠠ ᠪᠣᠯᠵᠤ᠂ ᠦᠷ᠎ᠡ ᠵᠢᠨ ᠪᠤᠢ᠌ᠵᠢᠯᠳᠠ ᠵᠢᠨ ᠨᠤᠷᠮ᠎ᠠ ᠲᠤᠷᠤᠭᠰᠢᠯᠠᠵᠤ᠂ ᠳᠤᠮᠳᠠᠳᠤ ᠤᠯᠤᠰ᠎ᠤᠨ ᠤᠷᠭᠤᠮᠠᠯ᠎ᠤᠨ ᠳᠠᠩᠰᠠ ᠡᠪᠬᠡᠮᠡᠯ᠎ᠳᠤ ᠬᠣᠪᠣᠷ ᠴᠤᠬᠠᠭ ᠤᠷᠭᠤᠮᠠᠯ ᠬᠡᠮᠡᠭᠳᠡᠵᠡᠢ᠃ 1987 ᠣᠨ᠎ᠳᠤ ᠠᠩᠬᠠᠨ᠎ᠤ ᠪᠦᠯᠦᠭ᠎ᠤᠨ ᠤᠯᠤᠰ᠎ᠤᠨ ᠬᠣᠶᠠᠳᠤᠭ᠋ᠠᠷ ᠳᠡᠰ᠎ᠤᠨ ᠭᠣᠤᠯᠳᠠᠯᠭ᠎ᠠ᠎ᠲᠠᠢ ᠬᠠᠮᠠᠭ᠋ᠠᠯᠠᠬᠤ ᠤᠷᠭᠤᠮᠠᠯ᠎ᠤᠨ ᠨᠡᠷᠡᠰ᠎ᠤᠨ ᠵᠢᠭᠰᠠᠭ᠋ᠠᠯᠲᠠ᠎ᠳᠤ ᠣᠷᠣᠭᠤᠯᠵᠠᠶ; 1997 ᠣᠨ᠎ᠳᠤ ᠤᠯᠤᠰ᠎ᠤᠨ ᠣᠶ ᠰᠢᠭᠤᠶ ᠵᠢᠨ ᠲᠣᠪᠴᠢᠶ᠎ᠠ ᠤᠯᠤᠰ᠎ᠤᠨ ᠭᠣᠤᠯᠳᠠᠯᠭ᠎ᠠ᠎ᠲᠠᠢ ᠬᠠᠮᠠᠭ᠋ᠠᠯᠠᠬᠤ ᠬᠡᠭᠡᠷ᠎ᠡ ᠵᠢᠨ ᠤᠷᠭᠤᠮᠠᠯ᠎ᠤᠨ ᠪᠠᠶ᠋ᠢᠴᠠᠭ᠋ᠠᠯᠲᠠ ᠵᠢ ᠵᠣᠬᠢᠶᠠᠨ ᠪᠠᠶ᠋ᠢᠭᠤᠯᠬᠤ ᠦᠶ᠎ᠡ᠎ᠳᠤ ᠮᠦᠨ ᠤᠯᠤᠰ᠎ᠤᠨ ᠨᠢᠭᠡᠳᠦᠭᠡᠷ ᠳᠡᠰ᠎ᠤᠨ ᠭᠣᠤᠯᠳᠠᠯᠭ᠎ᠠ᠎ᠲᠠᠢ ᠬᠠᠮᠠᠭ᠋ᠠᠯᠠᠬᠤ ᠬᠡᠭᠡᠷ᠎ᠡ ᠵᠢᠨ ᠤᠷᠭᠤᠮᠠᠯ ᠭᠡᠵᠦ ᠲᠣᠭᠲᠠᠭ᠋ᠠᠪᠠ᠃ (ᠪᠠᠶᠠᠨᠨᠠᠭᠤᠷ ᠬᠣᠲᠠ ᠵᠢᠨ ᠣᠶ ᠰᠢᠭᠤᠶ ᠪᠠ ᠨᠤᠳᠤᠭ ᠪᠡᠯᠴᠢᠭᠡᠷ᠎ᠤᠨ ᠲᠣᠪᠴᠢᠶ᠎ᠠ᠄ ᠵᠠᠩ ᠶᠠᠨ ᠵᠧᠨ; ᠤᠷᠠᠳ᠎ᠤᠨ ᠬᠣᠶ᠋ᠢᠲᠤ ᠬᠣᠰᠢᠭᠤᠨ᠎ᠤ ᠣᠢ ᠰᠢᠭᠤᠶ ᠪᠠ ᠨᠤᠳᠤᠭ ᠪᠡᠯᠴᠢᠭᠡᠷ᠎ᠤᠨ ᠲᠣᠪᠴᠢᠶ᠎ᠠ᠄ ᠵᠣᠣ ᠸᠸᠨ ᠲᠤᠤ)
![]()
![]()