ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠰᠤᠨ ᠠᠰᠢᠭᠯᠠᠯᠳᠠ ᠵᠢᠨ ᠲᠢᠩᠭᠢᠮ᠎ᠠᠴᠠ ᠰᠤᠷᠪᠤᠯᠵᠢᠯᠠᠭᠴᠢ ᠵᠢᠨ ᠤᠢ᠌ᠯᠠᠭ᠋ᠠᠭᠰᠠᠨ ᠵᠢᠡᠷ᠂ ᠠ᠋ᠨᠡ ᠵᠢᠯ ᠬᠦᠪᠴᠢ ᠵᠢᠨ ᠠ᠋ᠯᠡᠰᠦᠨ᠎ᠤ ᠠᠮᠢ ᠠᠬᠤᠢ ᠵᠢ ᠪᠠᠳᠤᠯᠠᠬᠤ ᠤᠰᠤ ᠨᠦᠬᠦᠬᠦ ᠲᠦᠯᠦᠪᠯᠡᠭᠡᠨ᠎ᠳᠤ ᠬᠠᠳᠤᠨ ᠭᠤᠤᠯ᠎ᠠᠴᠠ 5000 ᠲᠦᠮᠡᠨ ᠪᠣᠰᠣᠭ᠎ᠠ ᠳᠥᠷᠪᠡᠯᠵᠢᠨ ᠮᠸᠲᠷ ᠤᠰᠤ ᠲᠠᠲᠠᠵᠤ ᠨᠦᠬᠦᠪᠦᠷᠢᠯᠡᠬᠦ᠎ᠪᠠᠷ ᠲᠤᠭᠲᠠᠵᠠᠢ᠃
ᠤᠰᠤ ᠳᠤᠲᠠᠬᠤ ᠠᠰᠠᠭᠤᠳᠠᠯ᠎ᠢ ᠰᠢᠢ᠍ᠳᠪᠦᠷᠢᠯᠡᠬᠦ ᠵᠢᠨ ᠲᠦᠯᠦᠭᠡ᠂ 2015 ᠤᠨ ᠠᠴᠠ ᠨᠠᠭ᠋ᠠᠰᠢ᠂ ᠬᠠᠩᠭᠢᠨ ᠬᠤᠰᠢᠭᠤ ᠠᠮᠢ ᠠᠬᠤᠢ ᠵᠢᠨ ᠪᠤᠯᠪᠠᠰᠤᠨ᠎ᠤ ᠪᠠᠢ᠌ᠭᠤᠯᠤᠯᠳᠠ ᠵᠢᠨ ᠰᠡᠳᠭᠢᠴᠡ᠎ᠪᠠᠨ ᠰᠢᠨᠡᠴᠢᠯᠡᠨ᠂ ᠬᠠᠳᠤᠨ ᠭᠤᠤᠯ᠎ᠤᠨ ᠬᠠᠯᠢᠶ᠎ᠠ ᠵᠢᠨ ᠬᠤᠭᠤᠴᠠᠭ᠋ᠠᠨ᠎ᠤ ᠦᠶᠡᠷ᠎ᠤᠨ ᠤᠰᠤ ᠵᠢ ᠬᠦᠪᠴᠢ ᠵᠢᠨ ᠠ᠋ᠯᠡᠰᠦᠨ᠎ᠤ ᠥᠷᠥᠴᠡᠨ᠎ᠳᠤ ᠲᠠᠲᠠᠨ ᠤᠷᠤᠭᠤᠯᠵᠤ᠂ ᠬᠡᠳᠦᠨ ᠵᠢᠯ ᠤᠰᠤ ᠬᠤᠪᠢᠶᠠᠷᠢᠯᠠᠬᠤ᠎ᠪᠠᠷ ᠲᠠᠮᠵᠢᠨ 100 ᠲᠡᠭᠰᠢ ᠲᠦᠷᠪᠡᠯᠵᠢᠨ ᠺᠢᠯᠦᠮᠸᠲᠷ ᠤᠷᠴᠢᠮ᠎ᠤᠨ ᠠᠮᠢ ᠠᠬᠤᠢ ᠵᠢᠨ ᠨᠤᠭᠤ ᠭᠠᠵᠠᠷ ᠪᠤᠢ ᠪᠤᠯᠵᠤ᠂ 20 ᠭᠠᠷᠤᠢ ᠲᠦᠷᠦᠯ᠎ᠤᠨ ᠤᠷᠭᠤᠮᠠᠯ ᠠᠶᠠᠨᠳᠠᠭ᠋ᠠᠨ ᠠᠮᠢᠯᠠᠨ ᠰᠡᠷᠭᠦᠵᠤ᠂ 10 ᠭᠠᠷᠤᠢ ᠵᠦᠢ᠍ᠯ᠎ᠤᠨ ᠤᠰᠤᠨ ᠰᠢᠪᠠᠭᠤ ᠤᠷᠳᠤ ᠬᠤᠭᠤᠴᠠᠭ᠎ᠠ ᠨᠤᠲᠤᠭᠰᠢᠵᠤ᠂ ᠠᠮᠢ ᠠᠬᠤᠢ ᠪᠠᠢ᠌ᠭ᠋ᠠᠯᠢ ᠣᠷᠴᠢᠨ ᠶᠡᠬᠡ᠎ᠪᠠᠷ ᠰᠠᠢ᠌ᠵᠢᠷᠠᠵᠤ᠂ ᠠ᠋ᠬᠡ ᠪᠠᠢ᠌ᠭ᠋ᠠᠯᠢ ᠵᠢᠨ ᠠᠮᠢ ᠠᠬᠤᠢ ᠵᠢᠨ ᠰᠢᠰᠲ᠋ᠧᠮ᠎ᠤᠨ ᠪᠦᠬᠦ ᠲᠠᠯ᠎ᠠ ᠵᠢᠨ ᠰᠡᠷᠭᠦᠯᠳᠡ ᠵᠢ ᠠᠬᠢᠭᠤᠯᠤᠭᠰᠠᠨ ᠪᠥᠭᠡᠳ ᠠ᠋ᠷᠭᠢᠨ ᠲᠤᠭᠤᠷᠢᠨ᠎ᠤ ᠮᠠᠯᠴᠢᠨ ᠲᠠᠷᠢᠶᠠᠴᠢᠳ᠎ᠤᠨ ᠲᠠᠵᠢᠭᠡᠪᠦᠷᠢ ᠵᠢᠨ ᠦᠢ᠍ᠯᠡᠰ ᠬᠦᠭᠵᠢᠭᠦᠯᠵᠦ ᠠᠰᠢᠭ ᠤᠷᠤᠯᠭ᠎ᠠ᠎ᠪᠠᠨ ᠨᠡᠮᠡᠭᠳᠡᠭᠦᠯᠭᠦ᠎ᠳᠤᠨᠢ ᠠᠰᠢᠭᠲᠠᠢ ᠨᠥᠬᠥᠴᠡᠯ ᠬᠠᠩᠭ᠋ᠠᠭᠰᠠᠨ ᠪᠠᠢ᠌ᠨ᠎ᠠ᠃