9 ᠰᠠᠷ᠎ᠠ ᠵᠢᠨ 24᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠤᠢ ᠰᠢᠭᠤᠢ ᠨᠤᠲᠤᠭ ᠪᠡᠯᠴᠢᠭᠡᠷ᠎ᠤᠨ ᠲᠦᠢ᠍ᠮᠡᠷ᠎ᠢ ᠰᠡᠷᠭᠡᠶ᠋ᠢᠯᠡᠨ ᠤᠨᠲᠠᠷᠠᠭ᠋ᠠᠬᠤ ᠵᠢ ᠵᠢᠯᠣᠭᠤᠳᠬᠤ ᠭᠠᠵᠠᠷ ᠪᠦᠬᠦ ᠣᠷᠣᠨ᠎ᠤ ᠨᠠᠮᠤᠷ ᠡᠪᠦᠯ᠎ᠤᠨ ᠤᠯᠠᠷᠢᠯ᠎ᠤᠨ ᠤᠢ ᠰᠢᠭᠤᠢ ᠨᠤᠲᠤᠭ ᠪᠡᠯᠴᠢᠭᠡᠷ᠎ᠤᠨ ᠲᠦᠢ᠍ᠮᠡᠷ᠎ᠢ ᠰᠡᠷᠭᠡᠶ᠋ᠢᠯᠡᠨ ᠤᠨᠲᠠᠷᠠᠭ᠋ᠠᠬᠤ ᠠᠵᠢᠯ᠎ᠤᠨ ᠲᠧᠯᠸᠢᠰ ᠤᠲᠠᠰᠤ ᠬᠤᠷᠠᠯ ᠬᠤᠷᠠᠯᠳᠤᠭᠤᠯᠵᠤ᠂ ᠪᠦᠬᠦ ᠤᠯᠤᠰ᠎ᠤᠨ ᠨᠠᠮᠤᠷ ᠡᠪᠦᠯ᠎ᠤᠨ ᠤᠯᠠᠷᠢᠯ᠎ᠤᠨ ᠤᠢ ᠰᠢᠭᠤᠢ ᠨᠤᠲᠤᠭ ᠪᠡᠯᠴᠢᠭᠡᠷ᠎ᠤᠨ ᠲᠦᠢ᠍ᠮᠡᠷ᠎ᠢ ᠰᠡᠷᠭᠡᠶ᠋ᠢᠯᠡᠨ ᠤᠨᠲᠠᠷᠠᠭ᠋ᠠᠬᠤ ᠠᠵᠢᠯ᠎ᠤᠨ ᠲᠧᠯᠸᠢᠰ ᠤᠲᠠᠰᠤ ᠬᠤᠷᠠᠯ᠎ᠤᠨ ᠵᠣᠷᠢᠭ ᠰᠠᠨᠠᠭ᠎ᠠ ᠵᠢ ᠤᠯᠠᠮᠵᠢᠯᠠᠨ ᠲᠤᠭᠤᠰᠢᠯᠠᠭᠤᠯᠵᠤ᠂ ᠮᠠᠨ᠎ᠤ ᠣᠷᠣᠨ᠎ᠤ ᠨᠠᠮᠤᠷ ᠡᠪᠦᠯ᠎ᠤᠨ ᠤᠯᠠᠷᠢᠯ᠎ᠤᠨ ᠤᠢ ᠰᠢᠭᠤᠢ ᠨᠤᠲᠤᠭ ᠪᠡᠯᠴᠢᠭᠡᠷ᠎ᠤᠨ ᠲᠦᠢ᠍ᠮᠡᠷ᠎ᠢ ᠰᠡᠷᠭᠡᠶ᠋ᠢᠯᠡᠨ ᠤᠨᠲᠠᠷᠠᠭ᠋ᠠᠬᠤ ᠭᠤᠣᠯᠳᠠᠯᠭ᠎ᠠ᠎ᠲᠠᠢ ᠠᠵᠢᠯ᠎ᠢ ᠲᠤᠬᠢᠷᠠᠭᠤᠯᠤᠨ ᠪᠠᠶ᠋ᠢᠷᠢᠯᠠᠭᠤᠯᠪᠠ᠃
ᠥᠪᠡᠷᠲᠡᠭᠡᠨ ᠵᠠᠰᠠᠬᠤ ᠣᠷᠣᠨ᠎ᠤ ᠳᠡᠳ᠋ ᠲᠡᠷᠢᠭᠦᠯᠡᠭᠴᠢ᠂ ᠥᠪᠡᠷᠲᠡᠭᠡᠨ ᠵᠠᠰᠠᠬᠤ ᠣᠷᠣᠨ᠎ᠤ ᠣᠶ ᠰᠢᠭᠤᠶ ᠨᠤᠲᠤᠭ ᠪᠡᠯᠴᠢᠭᠡᠷ᠎ᠤᠨ ᠲᠦᠢ᠍ᠮᠡᠷ᠎ᠢ ᠰᠡᠷᠭᠡᠶ᠋ᠢᠯᠡᠨ ᠤᠨᠲᠠᠷᠠᠭ᠋ᠠᠬᠤ ᠵᠢ ᠵᠢᠯᠣᠭᠤᠳᠬᠤ ᠭᠠᠵᠠᠷ᠎ᠤᠨ ᠪᠠᠶ᠋ᠢᠩᠭᠤ ᠵᠢᠨ ᠳᠡᠳ᠋ ᠶᠡᠷᠦᠩᠬᠡᠶ ᠵᠢᠯᠣᠭᠤᠳᠣᠭᠴᠢ ᠯᠢ ᠪᠢᠩ ᠷᠦᠩ ᠬᠤᠷᠠᠯ᠎ᠳᠤ ᠣᠷᠣᠯᠴᠠᠵᠤ ᠶᠠᠷᠢᠶ᠎ᠠ ᠲᠠᠯᠪᠢᠵᠠᠶ᠃ ᠬᠤᠷᠠᠯ᠎ᠠᠴᠠ᠂ ᠡᠨᠡ ᠵᠢᠯ᠎ᠤᠨ ᠨᠠᠮᠤᠷ ᠡᠪᠦᠯ᠎ᠤᠨ ᠤᠯᠠᠷᠢᠯ᠎ᠤᠨ ᠲᠦᠢ᠍ᠮᠡᠷ᠎ᠤᠨ ᠠᠶᠤᠯ᠎ᠤᠨ ᠲᠠᠰ ᠨᠡᠯᠢᠶᠡᠳ ᠥᠨᠳᠥᠷ᠂ ᠡᠯ᠎ᠡ ᠱᠠᠲᠤᠨ᠎ᠤ ᠣᠶ ᠰᠢᠭᠤᠶ ᠨᠤᠲᠤᠭ ᠪᠡᠯᠴᠢᠭᠡᠷ᠎ᠤᠨ ᠲᠦᠢ᠍ᠮᠡᠷ᠎ᠢ ᠰᠡᠷᠭᠡᠶ᠋ᠢᠯᠡᠨ ᠤᠨᠲᠠᠷᠠᠭ᠋ᠠᠬᠤ ᠵᠢ ᠵᠢᠯᠣᠭᠤᠳᠬᠤ ᠭᠠᠵᠠᠷ ᠪᠣᠯᠤᠨ ᠬᠤᠯᠪᠣᠭᠳᠠᠯ ᠪᠥᠬᠦᠶ ᠰᠠᠯᠠᠭ᠎ᠠ ᠮᠥᠴᠢᠷ᠎ᠤᠨ᠎ᠬᠢᠨ ᠣᠶ ᠰᠢᠭᠤᠶ ᠨᠤᠲᠤᠭ ᠪᠡᠯᠴᠢᠭᠡᠷ᠎ᠤᠨ ᠲᠦᠢ᠍ᠮᠡᠷ᠎ᠢ ᠰᠡᠷᠭᠡᠶ᠋ᠢᠯᠡᠨ ᠤᠨᠲᠠᠷᠠᠭ᠋ᠠᠬᠤ ᠠᠵᠢᠯ᠎ᠤᠨ ᠤᠯᠤᠰ ᠲᠥᠷᠥ ᠵᠢᠨ ᠬᠠᠷᠢᠭᠤᠴᠠᠯᠭ᠎ᠠ ᠵᠢ ᠡᠷᠡᠰ ᠡᠭᠦᠷᠭᠡᠯᠡᠵᠦ᠂ ᠳᠤᠲᠠᠭᠤᠳᠠᠯ ᠪᠠᠭᠤᠷᠠᠶ ᠲᠠᠯ᠎ᠠ᠎ᠪᠠᠨ ᠲᠦᠷᠭᠡᠪᠴᠢᠯᠡᠨ ᠨᠥᠬᠦᠪᠥᠷᠢᠯᠡᠵᠦ᠂ ᠬᠥᠳᠡᠯᠦᠩᠭᠦᠶ ᠲᠣᠬᠢᠷᠠᠭᠤᠯᠤᠯᠲᠠ᠎ᠪᠠᠨ ᠴᠢᠩᠭ᠋ᠠᠳᠬᠠᠵᠤ᠂ ᠴᠢᠭᠯᠡᠭᠦᠯᠦᠯᠲᠦ ᠴᠢᠨᠠᠷᠲᠠᠶ᠎ᠪᠠᠷ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ ᠪᠠ ᠪᠣᠳᠠᠲᠤ ᠪᠠᠶ᠋ᠢᠯᠳᠤᠭ᠋ᠠᠨ᠎ᠤ ᠰᠣᠷᠢᠯᠲᠠ ᠬᠢᠵᠦ᠂ ᠡᠨᠡ ᠵᠢᠯ᠎ᠤᠨ ᠲᠦᠢ᠍ᠮᠡᠷ᠎ᠢ ᠰᠡᠷᠭᠡᠶ᠋ᠢᠯᠡᠨ ᠤᠨᠲᠠᠷᠠᠭ᠋ᠠᠬᠤ ᠠᠵᠢᠯ᠎ᠤᠨ ᠪᠥᠬᠦ ᠲᠠᠯ᠎ᠠ ᠵᠢᠨ ᠢᠯᠠᠯᠲᠠ ᠵᠢ ᠡᠷᠡᠰ ᠲᠡᠮᠡᠴᠡᠨ ᠤᠯᠬᠤ ᠬᠡᠷᠡᠭᠲᠡᠶ ᠭᠡᠵᠦ ᠵᠢᠭ᠋ᠠᠵᠤ ᠭᠠᠷᠭ᠋ᠠᠪᠠ᠃
ᠬᠤᠷᠠᠯ᠎ᠠᠴᠠ᠂ ᠲᠦᠢ᠍ᠮᠡᠷ᠎ᠢ ᠰᠡᠷᠭᠡᠶ᠋ᠢᠯᠡᠨ ᠤᠨᠲᠠᠷᠠᠭ᠋ᠠᠬᠤ ᠲᠣᠣᠷᠵᠢᠭᠤᠯᠤᠭᠰᠠᠨ ᠬᠠᠷᠢᠭᠤᠴᠠᠯᠭ᠎ᠠ ᠵᠢ ᠪᠦᠬᠦ ᠬᠦᠴᠦᠨ ᠵᠶ᠋ᠠᠷ ᠵᠶ᠋ᠠᠨ ᠨᠠᠶ᠋ᠢᠳᠠᠪᠤᠷᠢᠵᠢᠭᠤᠯᠵᠤ᠂ ᠭᠠᠯ ᠲᠦᠢ᠍ᠮᠡᠷ᠎ᠤᠨ ᠡᠬᠢ ᠰᠤᠷᠪᠤᠯᠵᠢ ᠵᠢ ᠰᠠᠶ᠋ᠢᠲᠤᠷ ᠡᠵᠡᠮᠳᠡᠵᠦ᠂ ᠬᠠᠮᠤᠭ᠎ᠤᠨ ᠶᠡᠭᠡ ᠴᠢᠷᠮᠠᠶ᠋ᠢᠯᠭ᠎ᠠ ᠭᠠᠷᠭ᠋ᠠᠵᠤ ᠪᠠᠶ᠋ᠢᠭ᠋ᠠᠳ ᠬᠦᠮᠦᠨ᠎ᠠᠴᠠ ᠰᠢᠯᠳᠠᠭ᠋ᠠᠯᠠᠭᠰᠠᠨ ᠭᠠᠯ ᠲᠦᠢ᠍ᠮᠡᠷ᠎ᠢ ᠪᠠᠭ᠋ᠠᠰᠬᠠᠬᠤ ᠬᠡᠷᠡᠭᠲᠡᠢ᠃ ᠭᠠᠯ ᠲᠦᠢ᠍ᠮᠡᠷ ᠭᠠᠷᠤᠮᠠᠭᠴᠠ ᠣᠳᠣ ᠦᠶ᠎ᠡ ᠵᠢᠨ ᠮᠡᠷᠭᠡᠵᠢᠯ᠎ᠢ ᠬᠡᠷᠡᠭᠯᠡᠬᠦ ᠵᠢ ᠪᠠᠷᠢᠮᠲᠠᠯᠠᠨ᠂ ᠬᠠᠮᠲᠤᠷᠠᠭᠰᠠᠨ ᠰᠢᠰᠲ᠋ᠧᠮ᠎ᠲᠠᠢ ᠪᠠᠶ᠋ᠢᠯᠳᠤᠬᠤ ᠵᠢ ᠪᠡᠶᠡᠯᠡᠭᠦᠯᠵᠦ᠂ ᠡᠷᠲᠡ ᠤᠨᠲᠠᠷᠠᠭ᠋ᠠᠬᠤ᠂ ᠪᠠᠭ᠎ᠠ ᠲᠡᠭᠡᠷ᠎ᠡ᠎ᠨᠢ ᠤᠨᠲᠠᠷᠠᠭ᠋ᠠᠬᠤ᠂ ᠲᠦᠢ᠍ᠯᠪᠦᠷᠢᠲᠡᠢ ᠤᠨᠲᠠᠷᠠᠭ᠋ᠠᠬᠤ ᠵᠢ ᠦᠨᠡᠨ ᠬᠦ᠌ ᠪᠠᠲᠤᠯᠠᠬᠤ ᠬᠡᠷᠡᠭᠲᠡᠶ᠃ ᠠᠷᠠᠳ ᠲᠦᠮᠡᠨ᠎ᠢ ᠳᠡᠭᠡᠳᠦᠯᠡᠬᠦ᠂ ᠠᠮᠢ ᠨᠠᠰᠤ ᠵᠢ ᠳᠡᠭᠡᠳᠦᠯᠡᠬᠦ ᠵᠢ ᠪᠠᠷᠢᠮᠲᠠᠯᠠᠵᠤ᠂ ᠭᠠᠯ ᠲᠦᠢ᠍ᠮᠡᠷ ᠤᠨᠲᠠᠷᠠᠭ᠋ᠠᠬᠤ ᠠᠵᠢᠯ᠎ᠢ ᠰᠢᠨᠵᠢᠯᠡᠬᠦ ᠤᠬᠠᠭ᠋ᠠᠨᠴᠢ᠎ᠪᠠᠷ ᠵᠣᠬᠢᠶᠠᠨ ᠪᠠᠶ᠋ᠢᠭᠤᠯᠤᠨ ᠥᠷᠨᠢᠭᠦᠯᠵᠦ᠂ ᠮᠠᠯᠴᠢᠨ ᠲᠠᠷᠢᠶᠠᠴᠢᠨ ᠤᠯᠠᠨ ᠲᠦᠮᠡᠨ ᠪᠣᠯᠤᠨ ᠭᠠᠯ ᠲᠦᠢ᠍ᠮᠡᠷ ᠤᠨᠲᠠᠷᠠᠭ᠋ᠠᠭᠴᠢᠳᠤᠨ ᠠᠮᠢ ᠨᠠᠰᠤᠨ᠎ᠤ ᠠᠮᠤᠷ ᠲᠦᠪᠰᠢᠨ᠎ᠢ ᠦᠨᠡᠨ ᠬᠦ᠌ ᠪᠠᠲᠤᠯᠠᠬᠤ ᠬᠡᠷᠡᠭᠲᠡᠢ ᠭᠡᠵᠦ ᠱᠠᠭ᠋ᠠᠷᠳᠠᠵᠠᠢ᠃