ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠳᠤᠰᠬᠠᠢ ᠮᠡᠳᠡᠭᠡᠯᠡᠯ
ᠦᠪᠦᠷ ᠮᠣᠩᠭᠤᠯ ᠣᠷᠤᠨ᠎ᠳᠠᠬᠢ ᠰᠢᠨ᠎ᠡ ᠲᠢᠲᠢᠮᠯᠢᠭ ᠠᠭᠤᠰᠭᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ
ᠨᠡᠶ᠋ᠢᠲᠡᠯᠡᠭᠰᠡᠨ ᠴᠠᠭ᠄ 2022-02-23

     2022 ᠣᠨ᠎ᠤ 2 ᠰᠠᠷ᠎ᠠ ᠵᠢᠨ 20᠎ᠤ ᠡᠳᠦᠷ᠎ᠤᠨ 0 ᠴᠠᠭ᠎ᠠᠴᠠ 24 ᠴᠠᠭ ᠪᠣᠯᠲᠠᠯ᠎ᠠ᠂ ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠣᠷᠤᠨ᠎ᠳᠤ ᠲᠤᠬᠠᠢ ᠵᠢᠨ ᠭᠠᠵᠠᠷ᠎ᠤᠨ ᠲᠣᠳᠤᠯᠠᠭᠰᠠᠨ ᠡᠪᠡᠳᠴᠢᠨ᠎ᠤ ᠵᠢᠱ᠌ᠢᠶ᠎ᠡ 32 ᠨᠡᠮᠡᠭᠳᠡᠵᠡᠢ (ᠡᠭᠦᠨ᠎ᠳᠤ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠭᠴᠢ᠎ᠠᠴᠠ ᠲᠣᠳᠤᠯᠠᠭᠰᠠᠨ ᠡᠪᠡᠳᠴᠢᠨ᠎ᠤ ᠵᠢᠱ᠌ᠢᠶ᠎ᠡ ᠪᠣᠯᠤᠭᠰᠠᠨ 1 ᠬᠦᠮᠦᠨ ᠪᠠᠭᠲᠠᠨ᠎ᠠ)᠂ ᠡᠭᠦᠨ᠎ᠳᠤ ᠬᠦᠬᠡᠬᠤᠳᠠ᠎ᠳᠤ 30 (ᠰᠢᠨ᠎ᠡ ᠬᠤᠲᠠ ᠲᠣᠭᠤᠷᠢᠭ᠎ᠲᠤ 6᠂ ᠢᠤᠢ ᠴᠢᠤᠸᠠᠨ ᠲᠣᠭᠤᠷᠢᠭ᠎ᠲᠤ 6᠂ ᠬᠤᠲᠤᠩ ᠠᠷᠠᠳ᠎ᠤᠨ ᠲᠣᠭᠤᠷᠢᠭ᠎ᠲᠤ 8᠂ ᠰᠠᠶ᠋ᠢᠬᠠᠨ ᠲᠣᠭᠤᠷᠢᠭ᠎ᠲᠤ 3᠂ ᠲᠦᠮᠡᠳ ᠵᠡᠭᠦᠨ ᠬᠤᠰᠢᠭᠤᠨ᠎ᠳᠤ 4᠂ ᠦᠴᠤᠸᠠᠨ ᠰᠢᠶᠠᠨ᠎ᠳᠤ 3) ᠨᠡᠮᠡᠭᠳᠡᠵᠦ᠂ ᠪᠣᠭᠤᠲᠤ ᠬᠤᠲᠠ᠎ᠳᠤ 1 (ᠳᠠᠷᠬᠠᠨ ᠮᠤᠤᠮᠢᠩᠭ᠋ᠠᠨ ᠬᠤᠯᠪᠤᠭ᠋ᠠᠲᠤ ᠬᠤᠰᠢᠭᠤᠨ᠎ᠳᠤ ᠪᠠᠶ᠋ᠢᠵᠤ᠂ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠭᠴᠢ᠎ᠠᠴᠠ ᠲᠣᠳᠤᠯᠠᠭᠰᠠᠨ ᠡᠪᠡᠳᠴᠢᠨ᠎ᠤ ᠵᠢᠱ᠌ᠢᠶ᠎ᠡ ᠪᠣᠯᠤᠭᠰᠠᠨ)᠂ ᠪᠠᠶᠠᠨᠨᠠᠭᠤᠷ ᠬᠤᠲᠠ᠎ᠳᠤ 1 (ᠤᠷᠠᠳ᠎ᠤᠨ ᠡᠮᠦᠨᠡᠲᠦ ᠬᠤᠰᠢᠭᠤᠨ᠎ᠳᠤ ᠪᠠᠶ᠋ᠢᠨ᠎ᠠ) ᠨᠡᠮᠡᠭᠳᠡᠵᠡᠢ᠃ ᠰᠢᠨ᠎ᠡ᠎ᠪᠠᠷ ᠨᠡᠮᠡᠭᠳᠡᠭᠰᠡᠨ ᠡᠪᠡᠳᠴᠢᠨ᠎ᠤ ᠵᠢᠱ᠌ᠢᠶ᠎ᠡ᠎ᠨᠢ ᠴᠦᠮ ᠭᠤᠣᠯᠳᠠᠯᠭ᠎ᠠ᠎ᠲᠠᠢ ᠬᠦᠮᠦᠰ᠂ ᠲᠦᠪᠯᠡᠷᠡᠭᠦᠯᠦᠨ ᠲᠤᠰᠠᠭ᠋ᠠᠷᠯᠠᠭᠰᠠᠨ ᠴᠡᠭ᠂ ᠬᠠᠮᠢᠶᠠᠷᠤᠨ ᠡᠵᠡᠮᠳᠡᠬᠦ ᠲᠣᠭᠤᠷᠢᠭ ᠪᠠ ᠪᠢᠲᠡᠭᠦᠮᠵᠢᠯᠡᠨ ᠡᠵᠡᠮᠳᠡᠭᠰᠡᠨ ᠲᠣᠭᠤᠷᠢᠭ᠎ᠲᠤ ᠪᠦᠭᠡᠮ ᠬᠦᠴᠢᠯ᠎ᠤᠨ ᠰᠢᠯᠭ᠋ᠠᠨ ᠪᠠᠶ᠋ᠢᠴᠠᠭ᠋ᠠᠯᠲᠠ ᠬᠢᠵᠦ ᠠᠷᠭ᠎ᠠ ᠴᠢᠨᠠᠷ ᠢᠯᠡᠷᠡᠭᠰᠡᠨ ᠡᠪᠡᠳᠴᠢᠨ᠎ᠤ ᠵᠢᠱ᠌ᠢᠶ᠎ᠡ ᠪᠣᠯᠤᠨ᠎ᠠ᠃ 2 ᠰᠠᠷ᠎ᠠ ᠵᠢᠨ 20᠎ᠤ ᠡᠳᠦᠷ᠎ᠤᠨ 24 ᠴᠠᠭ ᠪᠣᠯᠲᠠᠯ᠎ᠠ᠂ ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠣᠷᠤᠨ᠎ᠳᠤ ᠣᠳᠤ ᠪᠠᠶ᠋ᠢᠭ᠎ᠠ ᠲᠤᠬᠠᠢ ᠵᠢᠨ ᠭᠠᠵᠠᠷ᠎ᠤᠨ ᠲᠣᠳᠤᠯᠠᠭᠰᠠᠨ ᠡᠪᠡᠳᠴᠢᠨ᠎ᠤ ᠵᠢᠱ᠌ᠢᠶ᠎ᠡ 175 ᠪᠠᠶ᠋ᠢᠵᠤ᠂ ᠡᠭᠦᠨ᠎ᠳᠤ ᠬᠦᠬᠡᠬᠤᠳᠠ᠎ᠳᠤ 161 (ᠰᠢᠨ᠎ᠡ ᠬᠤᠲᠠ ᠲᠣᠭᠤᠷᠢᠭ᠎ᠲᠤ 36᠂ ᠢᠤᠢ ᠴᠢᠤᠸᠠᠨ ᠲᠣᠭᠤᠷᠢᠭ᠎ᠲᠤ 20᠂ ᠬᠤᠲᠤᠩ ᠠᠷᠠᠳ᠎ᠤᠨ ᠲᠣᠭᠤᠷᠢᠭ᠎ᠲᠤ 17᠂ ᠰᠠᠶ᠋ᠢᠬᠠᠨ ᠲᠣᠭᠤᠷᠢᠭ᠎ᠲᠤ 38᠂ ᠲᠦᠮᠡᠳ ᠵᠡᠭᠦᠨ ᠬᠤᠰᠢᠭᠤᠨ᠎ᠳᠤ 24᠂ ᠦᠴᠤᠸᠠᠨ ᠰᠢᠶᠠᠨ᠎ᠳᠤ 23᠂ ᠬᠤᠷᠢᠨᠭᠡᠷ ᠰᠢᠶᠠᠨ᠎ᠳᠤ 3) ᠡᠪᠡᠳᠴᠢᠨ᠎ᠤ ᠵᠢᠱ᠌ᠢᠶ᠎ᠡ ᠪᠠᠶ᠋ᠢᠵᠤ᠂ ᠪᠣᠭᠤᠲᠤ ᠬᠤᠲᠠ᠎ᠳᠤ 8 (ᠬᠦᠨᠳᠡᠯᠡᠨ ᠲᠣᠭᠤᠷᠢᠭ᠎ᠲᠤ 5᠂ ᠳᠠᠷᠬᠠᠨ ᠮᠤᠤᠮᠢᠩᠭ᠋ᠠᠨ ᠬᠤᠯᠪᠤᠭ᠋ᠠᠲᠤ ᠬᠤᠰᠢᠭᠤᠨ᠎ᠳᠤ 3) ᠡᠪᠡᠳᠴᠢᠨ᠎ᠤ ᠵᠢᠱ᠌ᠢᠶ᠎ᠡ ᠪᠠᠶ᠋ᠢᠵᠤ᠂ ᠬᠦᠯᠦᠨ ᠪᠤᠶ᠋ᠢᠷ ᠬᠤᠲᠠ᠎ᠳᠤ 5 (ᠴᠦᠮ ᠮᠠᠨᠵᠤᠤᠷ ᠬᠤᠲᠠ᠎ᠳᠤ)᠂ ᠪᠠᠶᠠᠨᠨᠠᠭᠤᠷ ᠬᠤᠲᠠ᠎ᠳᠤ 1 (ᠤᠷᠠᠳ᠎ᠤᠨ ᠡᠮᠦᠨᠡᠲᠦ ᠬᠤᠰᠢᠭᠤᠨ᠎ᠳᠤ) ᠪᠠᠶ᠋ᠢᠨ᠎ᠠ᠃ ᠬᠢᠯᠢ ᠵᠢᠨ ᠭᠠᠳᠠᠨ᠎ᠠ᠎ᠠᠴᠠ ᠣᠷᠤᠵᠤ ᠢᠷᠡᠭᠰᠡᠨ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠭᠴᠢ 1 (ᠲᠦᠩᠯᠢᠶᠣᠣ ᠬᠤᠲᠠ ᠵᠢᠨ ᠬᠤᠷᠴᠢᠨ ᠲᠤᠭᠤᠷᠢᠭ᠎ᠲᠤ) ᠪᠤᠢ᠃ ᠪᠦᠬᠦᠨ᠎ᠢ ᠲᠣᠭᠲᠠᠭᠰᠠᠨ ᠡᠮᠨᠡᠯᠭᠡ ᠵᠢᠨ ᠬᠤᠷᠢᠶ᠎ᠠ᠎ᠳᠤ ᠲᠤᠰᠠᠭ᠋ᠠᠷᠯᠠᠨ ᠡᠮᠴᠢᠯᠡᠵᠦ᠂ ᠨᠢᠭᠲᠠ ᠣᠶ᠋ᠢᠷᠠᠲᠤᠭᠰᠠᠳ᠎ᠢ᠎ᠨᠢ ᠴᠦᠮ ᠲᠣᠭᠲᠠᠭᠰᠠᠨ ᠭᠠᠵᠠᠷ ᠲᠦᠪᠯᠡᠷᠡᠭᠦᠯᠦᠨ ᠠᠨᠠᠭ᠋ᠠᠬᠤ ᠤᠬᠠᠭ᠋ᠠᠨ᠎ᠤ ᠠᠵᠢᠭᠯᠠᠯᠲᠠ ᠬᠢᠵᠦ᠂ ᠬᠢᠵᠢᠭ ᠲᠠᠷᠬᠠᠬᠤ ᠵᠢ ᠴᠢᠩᠭ᠎ᠠ ᠰᠡᠷᠭᠡᠶ᠋ᠢᠯᠡᠵᠦ ᠪᠤᠢ᠃
   
   

ᠢᠷᠡᠯᠲᠡ᠄ ᠥᠪᠥᠷ ᠮᠣᠩᠭᠤᠯ᠎ᠤᠨ ᠡᠳᠦᠷ᠎ᠤᠨ ᠰᠣᠨᠢᠨ
          
ᠬᠠᠮᠢᠶ᠎ᠡ ᠪᠦᠬᠦᠢ ᠰᠣᠨᠢᠨ
ᠥᠪᠦᠷ ᠮᠣᠩᠭᠤᠯ ᠣᠷᠣᠨ᠎ᠳᠠᠬᠢ ᠰᠢᠨ᠎ᠡ ᠲᠢᠲᠢᠮᠯᠢᠭ ᠠᠭᠤᠰᠬᠢᠨ ᠥᠷᠪᠢᠰᠦᠯ᠎ᠤᠨ ᠬᠢᠵᠢᠭ᠎ᠤᠨ ᠪᠠᠶ᠋ᠢᠳᠠᠯ
ᠥᠪᠥᠷ ᠮᠣᠩᠭᠤᠯ ᠣᠷᠣᠨ᠎ᠳᠠᠬᠢ ᠰᠢᠨ᠎ᠡ ᠲᠢᠲᠢᠮᠯᠢᠭ ᠠᠭᠤᠰᠭᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ
ᠥᠪᠥᠷ ᠮᠣᠩᠭᠤᠯ ᠣᠷᠣᠨ᠎ᠳᠠᠬᠢ ᠰᠢᠨ᠎ᠡ ᠲᠢᠲᠢᠮᠯᠢᠭ ᠠᠭᠤᠰᠭᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ
ᠥᠪᠥᠷ ᠮᠣᠩᠭᠤᠯ ᠣᠷᠣᠨ᠎ᠳᠠᠬᠢ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ
ᠥᠪᠥᠷ ᠮᠣᠩᠭᠤᠯ ᠣᠷᠣᠨ᠎ᠳᠠᠬᠢ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ
 
             蒙ICP备05000248号