ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠳᠤᠰᠬᠠᠢ ᠮᠡᠳᠡᠭᠡᠯᠡᠯ
ᠰᠢ ᠵᠢᠨ ᠫᠢᠩ ᠸᠧᠨᠧᠽᠦ᠋ᠧᠯᠠ ᠵᠢᠨ ᠶᠡᠷᠦᠩᠬᠡᠶ᠋ᠢᠯᠡᠭᠴᠢ ᠮᠠᠳᠦ᠋ᠯᠦ᠋ᠸᠧ᠎ᠲᠠᠢ ᠬᠡᠯᠡᠯᠴᠡᠭᠡ ᠬᠢᠪᠡ
ᠨᠡᠶ᠋ᠢᠲᠡᠯᠡᠭᠰᠡᠨ ᠴᠠᠭ᠄ 2023-09-15

      ᠰᠢᠨᠬᠤᠸᠠ ᠬᠤᠷᠢᠶ᠎ᠠ ᠵᠢᠨ ᠪᠡᠭᠡᠵᠢᠩ᠎ᠤᠨ 9 ᠰᠠᠷ᠎ᠠ ᠵᠢᠨ 13᠎ᠤ ᠴᠠᠭᠢᠯᠭ᠋ᠠᠨ ᠮᠡᠳᠡᠭᠡ 9 ᠰᠠᠷ᠎ᠠ ᠵᠢᠨ 13᠎ᠤ ᠦᠳᠡ ᠵᠢᠨ ᠬᠤᠶ᠋ᠢᠨ᠎ᠠ᠂ ᠤᠯᠤᠰ᠎ᠤᠨ ᠲᠡᠷᠢᠭᠦᠯᠡᠭᠴᠢ ᠰᠢ ᠵᠢᠨ ᠫᠢᠩ ᠠᠷᠠᠳ᠎ᠤᠨ ᠶᠡᠭᠡ ᠬᠤᠷᠠᠯ᠎ᠤᠨ ᠲᠠᠩᠬᠢᠮ᠎ᠳᠤ ᠳᠤᠮᠳᠠᠳᠤ ᠤᠯᠤᠰ᠎ᠲᠤ ᠲᠦᠷᠦ ᠵᠢᠨ ᠶᠠᠪᠤᠳᠠᠯ᠎ᠤᠨ ᠠᠶ᠋ᠢᠯᠴᠢᠯᠠᠯᠲᠠ ᠬᠢᠬᠦ᠎ᠪᠠᠷ ᠢᠷᠡᠭᠰᠡᠨ ᠸᠧᠨᠧᠽᠦ᠋ᠧᠯᠠ ᠵᠢᠨ ᠶᠡᠷᠦᠩᠬᠡᠶ᠋ᠢᠯᠡᠭᠴᠢ ᠮᠠᠳᠦ᠋ᠯᠦ᠋ᠸᠧ᠎ᠲᠠᠢ ᠬᠡᠯᠡᠯᠴᠡᠭᠡ ᠬᠢᠪᠡ᠃ ᠬᠤᠶᠠᠷ ᠤᠯᠤᠰ᠎ᠤᠨ ᠲᠡᠷᠢᠭᠦᠨ᠂ ᠳᠤᠮᠳᠠᠳᠤ ᠸᠧᠨᠧᠽᠦ᠋ᠧᠯᠠ ᠵᠢᠨ ᠬᠠᠷᠢᠯᠴᠠᠭ᠎ᠠ ᠵᠢ ᠪᠦᠭᠦ ᠲᠠᠯ᠎ᠠ ᠵᠢᠨ ᠪᠠᠶ᠋ᠢᠯᠳᠤᠬᠤ ᠪᠣᠳᠣᠯᠭ᠎ᠠ ᠵᠢᠨ ᠬᠠᠨᠢᠲᠠᠨ᠎ᠤ ᠬᠠᠷᠢᠯᠴᠠᠭ᠎ᠠ ᠪᠣᠯᠭ᠋ᠠᠨ ᠳᠡᠭᠡᠭᠰᠢᠯᠡᠭᠦᠯᠦᠨ᠎ᠡ ᠭᠡᠵᠦ ᠨᠡᠶ᠋ᠢᠲᠡᠯᠡᠪᠡ᠃

 

W020230914368257370097.jpg



      9 ᠰᠠᠷ᠎ᠠ ᠵᠢᠨ 13᠎ᠤ ᠦᠳᠡ ᠵᠢᠨ ᠬᠤᠶ᠋ᠢᠨ᠎ᠠ᠂ ᠤᠯᠤᠰ᠎ᠤᠨ ᠲᠡᠷᠢᠭᠦᠯᠡᠭᠴᠢ ᠰᠢ ᠵᠢᠨ ᠫᠢᠩ ᠠᠷᠠᠳ᠎ᠤᠨ ᠶᠡᠭᠡ ᠬᠤᠷᠠᠯ᠎ᠤᠨ ᠲᠠᠩᠬᠢᠮ᠎ᠳᠤ ᠳᠤᠮᠳᠠᠳᠤ ᠤᠯᠤᠰ᠎ᠲᠤ ᠲᠦᠷᠦ ᠵᠢᠨ ᠶᠠᠪᠤᠳᠠᠯ᠎ᠤᠨ ᠠᠶ᠋ᠢᠯᠴᠢᠯᠠᠯᠲᠠ ᠬᠢᠬᠦ᠎ᠪᠠᠷ ᠢᠷᠡᠭᠰᠡᠨ ᠸᠧᠨᠧᠽᠦ᠋ᠧᠯᠠ ᠵᠢᠨ ᠶᠡᠷᠦᠩᠬᠡᠶ᠋ᠢᠯᠡᠭᠴᠢ ᠮᠠᠳᠦ᠋ᠯᠦ᠋ᠸᠧ᠎ᠲᠠᠢ ᠬᠡᠯᠡᠯᠴᠡᠭᠡ ᠬᠢᠪᠡ᠃ ᠵᠢᠷᠤᠭ ᠪᠣᠯ ᠬᠡᠯᠡᠯᠴᠡᠭᠡ ᠬᠢᠬᠦ᠎ᠠᠴᠠ ᠡᠮᠦᠨ᠎ᠡ᠂ ᠰᠢ ᠵᠢᠨ ᠫᠢᠩ ᠬᠠᠳᠤᠨ ᠫᠧᠩ ᠯᠢ ᠶᠤᠸᠠᠨ᠎ᠲᠠᠢ᠎ᠪᠠᠨ ᠮᠠᠳᠦ᠋ᠯᠥ᠋ᠸᠧ ᠪᠣᠯᠣᠨ ᠲᠡᠭᠦᠨ᠎ᠤ ᠬᠠᠳᠤᠨ ᠹᠯᠤᠯᠸᠢᠢ᠍ᠰ᠎ᠲᠠᠢ ᠬᠠᠮᠲᠤ ᠵᠢᠨ ᠭᠡᠷᠡᠯ ᠵᠢᠷᠤᠭ ᠲᠠᠲᠠᠭᠤᠯᠵᠤ ᠪᠠᠶ᠋ᠢᠭ᠎ᠠ᠎ᠨᠢ᠃

      ᠰᠢᠨᠬᠤᠸᠠ ᠬᠤᠷᠢᠶ᠎ᠠ ᠵᠢᠨ ᠰᠤᠷᠪᠤᠯᠵᠢᠯᠠᠬ᠍ᠴᠢ ᠬᠤᠸᠠᠩ ᠵᠢᠩ ᠸᠧᠨ ᠰᠡᠭᠦᠳᠡᠷᠯᠡᠪᠡ

 

      ᠰᠢ ᠵᠢᠨ ᠫᠢᠩ᠂ ᠳᠤᠮᠳᠠᠳᠤ ᠤᠯᠤᠰ ᠪᠣᠯᠣᠨ ᠸᠧᠨᠧᠽᠦ᠋ᠧᠯᠠ ᠪᠣᠯ ᠬᠠᠷᠢᠯᠴᠠᠨ ᠢᠲᠡᠭᠡᠯᠴᠡᠭᠰᠡᠨ ᠰᠠᠶ᠋ᠢᠨ ᠨᠠᠶ᠋ᠢᠵᠠ᠂ ᠬᠠᠮᠲᠤ᠎ᠪᠠᠷ ᠬᠥᠭᠵᠢᠭᠰᠡᠨ ᠰᠠᠶ᠋ᠢᠨ ᠬᠠᠨᠢᠲᠠᠨ ᠮᠥᠨ᠃ ᠣᠶ᠋ᠢᠷ᠎ᠠ ᠵᠢᠨ ᠵᠢᠯ᠎ᠠᠴᠠ᠂ ᠳᠤᠮᠳᠠᠳᠤ ᠸᠧᠨᠧᠽᠦ᠋ᠧᠯᠠ ᠬᠤᠶᠠᠷ ᠤᠯᠤᠰ ᠴᠥᠮ ᠲᠤᠶ᠋ᠢᠯ᠎ᠤᠨ ᠶᠡᠷᠦ ᠪᠤᠰᠤ ᠵᠢᠨ ᠬᠥᠭᠵᠢᠯᠲᠡ ᠵᠢᠨ ᠶᠠᠪᠤᠴᠠ ᠵᠢ ᠥᠩᠭᠡᠷᠡᠭᠦᠯᠵᠦ᠂ ᠬᠤᠶᠠᠷ ᠲᠠᠯ᠎ᠠ᠎ᠪᠠᠷ ᠵᠶ᠋ᠠᠨ ᠳᠡᠯᠡᠬᠡᠢ ᠵᠢᠨ ᠤᠷᠪᠠᠭ᠋ᠠᠨ ᠬᠥᠷᠪᠡᠭᠡᠨ ᠳᠤᠮᠳᠠ ᠬᠠᠷᠢᠯᠴᠠᠨ ᠳᠡᠮᠵᠢᠵᠦ᠂ 《ᠲᠤᠶ᠋ᠢᠯ᠎ᠤᠨ ᠨᠠᠶ᠋ᠢᠳᠠᠪᠤᠷᠢᠲᠠᠢ》 ᠨᠥᠬᠦᠷᠯᠡᠯ᠎ᠢ ᠪᠠᠶ᠋ᠢᠭᠤᠯᠪᠠ᠃ ᠳᠤᠮᠳᠠᠳᠤ ᠤᠯᠤᠰ ᠢᠮᠠᠭᠲᠠ ᠪᠠᠶ᠋ᠢᠯᠳᠤᠬᠤ ᠪᠣᠳᠣᠯᠭ᠎ᠠ ᠵᠢᠨ ᠥᠨᠳᠥᠷᠴᠡ ᠪᠣᠯᠣᠨ ᠠᠯᠤᠰ ᠭᠡᠳᠤ ᠵᠢᠨ ᠬᠠᠷᠠᠭ᠋ᠠᠰᠤ᠎ᠠᠴᠠ ᠸᠧᠨᠧᠽᠦ᠋ᠧᠯᠠ᠎ᠯᠤᠭ᠎ᠠ ᠵᠢᠨ ᠬᠠᠷᠢᠯᠴᠠᠭ᠎ᠠ᠎ᠳᠤ ᠬᠠᠨᠳᠤᠵᠤ᠂ ᠸᠧᠨᠧᠽᠦ᠋ᠧᠯᠠ ᠵᠢᠨ᠎ᠬᠢᠨ᠎ᠤ ᠤᠯᠤᠰ᠎ᠤᠨ ᠡᠷᠬᠡ ᠮᠡᠳᠡᠯ᠂ ᠦᠨᠳᠦᠰᠦᠲᠡᠨ᠎ᠤ ᠨᠡᠷ᠎ᠡ ᠬᠦᠨᠳᠦ᠂ ᠨᠡᠶ᠋ᠢᠭᠡᠮ᠎ᠤᠨ ᠲᠣᠭᠲᠠᠭᠤᠨ ᠵᠶ᠋ᠠᠨ ᠬᠠᠮᠠᠭ᠋ᠠᠯᠠᠬᠤ ᠴᠢᠷᠮᠠᠶ᠋ᠢᠯᠭ᠎ᠠ ᠵᠢ ᠡᠷᠡᠰ ᠳᠡᠮᠵᠢᠵᠦ᠂ ᠸᠧᠨᠧᠽᠦ᠋ᠧᠯᠠ ᠵᠢᠨ᠎ᠬᠢᠨ᠎ᠤ ᠭᠠᠳᠠᠭ᠋ᠠᠳᠤ ᠵᠢᠨ ᠭᠠᠷ ᠳᠦᠷᠦᠯᠲᠡ ᠵᠢ ᠡᠰᠡᠷᠭᠦᠴᠡᠬᠦ ᠰᠢᠳᠤᠷᠭᠤ ᠶᠣᠰᠣᠨ᠎ᠤ ᠦᠢ᠍ᠯᠡᠰ᠎ᠢ ᠡᠷᠡᠰ ᠳᠡᠮᠵᠢᠨ᠎ᠠ᠃ ᠳᠤᠮᠳᠠᠳᠤ ᠸᠧᠨᠧᠽᠦ᠋ᠧᠯᠠ ᠵᠢᠨ᠎ᠬᠢᠨ ᠪᠦᠭᠦ ᠲᠠᠯ᠎ᠠ ᠵᠢᠨ ᠪᠠᠶ᠋ᠢᠯᠳᠤᠬᠤ ᠪᠣᠳᠣᠯᠭ᠎ᠠ ᠵᠢᠨ ᠬᠠᠨᠢᠲᠠᠨ᠎ᠤ ᠬᠠᠷᠢᠯᠴᠠᠭ᠎ᠠ ᠪᠠᠶ᠋ᠢᠭᠤᠯᠬᠤ᠎ᠨᠢ ᠬᠤᠶᠠᠷ ᠤᠯᠤᠰ᠎ᠤᠨ ᠠᠷᠠᠳ ᠲᠦᠮᠡᠨ᠎ᠤ ᠬᠠᠮᠲᠤ ᠵᠢᠨ ᠬᠦᠰᠡᠯ ᠡᠷᠡᠮᠡᠯᠵᠡᠯ᠎ᠳᠤ ᠨᠡᠶ᠋ᠢᠴᠡᠵᠦ᠂ ᠲᠡᠦᠬᠡ ᠵᠢᠨ ᠬᠥᠭᠵᠢᠯᠲᠡ ᠵᠢᠨ ᠶᠡᠭᠡ ᠬᠠᠨᠳᠤᠰᠢ᠎ᠳᠤ ᠨᠡᠶ᠋ᠢᠴᠡᠨ᠎ᠡ᠃ ᠬᠤᠶᠠᠷ ᠲᠠᠯ᠎ᠠ᠎ᠪᠠᠷ ᠵᠶ᠋ᠠᠨ ᠳᠤᠮᠳᠠᠳᠤ ᠸᠧᠨᠧᠽᠦ᠋ᠧᠯᠠ ᠵᠢᠨ ᠪᠠᠶ᠋ᠢᠯᠳᠤᠬᠤ ᠪᠣᠳᠣᠯᠭ᠎ᠠ ᠵᠢᠨ ᠬᠠᠮᠲᠤᠷᠠᠯᠴᠠᠭ᠎ᠠ ᠵᠢᠨ ᠨᠡᠩ ᠤᠯᠠᠨ ᠦᠷ᠎ᠡ ᠪᠦᠲᠦᠭᠡᠯ ᠣᠯᠬᠤ ᠵᠢ ᠠᠬᠢᠭᠤᠯᠵᠤ᠂ ᠬᠤᠶᠠᠷ ᠤᠯᠤᠰ᠎ᠤᠨ ᠠᠷᠠᠳ ᠲᠦᠮᠡᠨ᠎ᠳᠤ ᠨᠡᠩ ᠤᠯᠠᠨ ᠪᠤᠶᠠᠨ ᠦᠢ᠍ᠯᠡᠳᠴᠦ᠂ ᠳᠡᠯᠡᠬᠡᠢ ᠵᠢᠨ ᠡᠩᠬᠡ ᠲᠠᠶ᠋ᠢᠪᠤᠩ ᠪᠣᠯᠣᠨ ᠬᠥᠭᠵᠢᠯᠲᠡ᠎ᠳᠤ ᠨᠡᠩ ᠤᠯᠠᠨ ᠢᠳᠡᠪᠬᠢ ᠬᠦᠴᠦᠨ ᠨᠡᠮᠡᠷᠢᠯᠡᠶ᠎ᠡ ᠭᠡᠵᠦ ᠵᠢᠭ᠋ᠠᠵᠤ ᠭᠠᠷᠭ᠋ᠠᠪᠠ᠃

      ᠰᠢ ᠵᠢᠨ ᠫᠢᠩ ᠳᠤᠮᠳᠠᠳᠤ ᠤᠯᠤᠰ᠎ᠤᠨ ᠥᠭᠡᠷᠡᠴᠢᠯᠡᠯᠲᠡ ᠨᠡᠭᠡᠭᠡᠯᠲᠡ ᠢᠯᠠᠩᠭᠤᠶ᠎ᠠ ᠠᠵᠤ ᠠᠬᠤᠢ ᠵᠢᠨ ᠣᠨᠴᠠᠭ᠋ᠠᠶ ᠣᠷᠣᠨ᠎ᠤ ᠪᠦᠲᠦᠭᠡᠨ ᠪᠠᠶ᠋ᠢᠭᠤᠯᠤᠯᠲᠠ ᠵᠢᠨ ᠬᠤᠯᠪᠣᠭᠳᠠᠯ ᠪᠦᠬᠦᠢ ᠪᠠᠶ᠋ᠢᠳᠠᠯ᠎ᠢ ᠲᠠᠨᠢᠯᠴᠠᠭᠤᠯᠵᠤ᠂ ᠥᠭᠡᠷᠡᠴᠢᠯᠡᠯᠲᠡ ᠨᠡᠭᠡᠭᠡᠯᠲᠡ ᠪᠣᠯ ᠳᠤᠮᠳᠠᠳᠤ ᠤᠯᠤᠰ᠎ᠤᠨ ᠲᠣᠮᠣ ᠠᠯᠬᠤᠮ ᠵᠶ᠋ᠠᠷ ᠴᠠᠭ ᠦᠶ᠎ᠡ ᠵᠢ ᠬᠥᠭᠡᠭᠡᠵᠦ ᠭᠦᠢ᠍ᠴᠡᠬᠦ ᠴᠢᠬᠤᠯᠠ ᠡᠷᠳᠡᠨᠢ ᠮᠥᠨ᠂ ᠤᠳᠤ ᠦᠶ᠎ᠡ ᠵᠢᠨ ᠳᠤᠮᠳᠠᠳᠤ ᠤᠯᠤᠰ᠎ᠤᠨ ᠬᠤᠪᠢ ᠵᠠᠶᠠᠭ᠎ᠠ ᠵᠢ ᠲᠣᠭᠲᠠᠭ᠋ᠠᠬᠤ ᠵᠠᠩᠭᠢᠯᠠᠭ᠎ᠠ ᠵᠢᠨ ᠠᠷᠭ᠎ᠠ ᠮᠥᠨ᠂ ᠳᠤᠮᠳᠠᠳᠤ ᠤᠯᠤᠰ ᠡᠨᠡ ᠬᠦ᠌ ᠶᠠᠪᠤᠴᠠ᠎ᠳᠤ ᠣᠯᠣᠭᠰᠠᠨ ᠡᠷᠬᠢᠮ ᠨᠠᠨᠳᠢᠨ ᠲᠤᠷᠰᠢᠯᠭ᠎ᠠ᠎ᠪᠠᠨ ᠨᠠᠨᠳᠢᠩᠨᠠᠵᠤ᠂ ᠥᠭᠡᠷᠡᠴᠢᠯᠡᠯᠲᠡ ᠨᠡᠭᠡᠭᠡᠯᠲᠡ ᠵᠢ ᠦᠷᠭᠦᠯᠵᠢᠯᠡᠨ ᠤᠷᠤᠭᠰᠢ ᠠᠬᠢᠭᠤᠯᠬᠤ ᠪᠣᠯᠣᠨ᠎ᠠ᠃ ᠶᠠᠮᠠᠷ ᠴᠤ᠌ ᠬᠦᠴᠦᠨ ᠭᠡᠳ ᠳᠤᠮᠳᠠᠳᠤ ᠤᠯᠤᠰ᠎ᠤᠨ ᠬᠥᠭᠵᠢᠯᠲᠡ ᠳᠠᠪᠰᠢᠯᠲᠠ ᠵᠢᠨ ᠠᠯᠬᠤᠭ᠎ᠠ ᠵᠢ ᠬᠤᠷᠢᠭᠯᠠᠵᠤ ᠴᠢᠳᠠᠬᠤ ᠦᠭᠡᠢ ᠶᠤᠮ᠃ ᠳᠤᠮᠳᠠᠳᠤ ᠤᠯᠤᠰ ᠳᠤᠷᠠᠲᠠᠶ᠎ᠠ ᠸᠧᠨᠧᠽᠦ᠋ᠧᠯᠠ ᠵᠢᠨ᠎ᠬᠢᠨ᠎ᠲᠠᠢ ᠲᠤᠰ ᠤᠯᠤᠰ᠎ᠤᠨ ᠵᠶ᠋ᠠᠨ ᠤᠯᠤᠰ᠎ᠤᠨ ᠪᠠᠶ᠋ᠢᠳᠠᠯ᠎ᠳᠤ ᠨᠡᠶ᠋ᠢᠴᠡᠬᠦ ᠬᠥᠭᠵᠢᠯᠲᠡ ᠵᠢᠨ ᠵᠠᠮ᠎ᠢ ᠬᠠᠶ᠋ᠢᠨ ᠰᠦᠪᠡᠭᠴᠢᠯᠡᠬᠦ ᠵᠢ ᠡᠷᠡᠰ ᠳᠡᠮᠵᠢᠵᠦ᠂ ᠨᠠᠮ᠎ᠢ ᠵᠠᠰᠠᠬᠤ ᠲᠦᠷᠦ ᠵᠢ ᠵᠠᠰᠠᠬᠤ ᠵᠠᠰᠠᠭ᠎ᠢ ᠡᠷᠭᠢᠯᠡᠭᠦ ᠲᠤᠷᠰᠢᠯᠭ᠎ᠠ᠎ᠪᠠᠨ ᠰᠣᠯᠢᠯᠴᠠᠬᠤ ᠵᠢ ᠴᠢᠩᠭ᠋ᠠᠳᠬᠠᠵᠤ᠂ ᠸᠧᠨᠧᠽᠦ᠋ᠧᠯᠠ ᠵᠢᠨ ᠠᠵᠤ ᠠᠬᠤᠢ ᠵᠢᠨ ᠣᠨᠴᠠᠭ᠋ᠠᠢ ᠣᠷᠣᠨ ᠪᠠᠶ᠋ᠢᠭᠤᠯᠬᠤ ᠵᠢ ᠳᠡᠮᠵᠢᠵᠦ᠂ ᠳᠤᠷᠠᠲᠠᠶ᠎ᠠ ᠸᠧᠨᠧᠽᠦ᠋ᠧᠯᠠ ᠵᠢᠨ᠎ᠬᠢᠨ᠎ᠲᠠᠢ ᠬᠤᠯᠪᠣᠭᠳᠠᠯ ᠪᠦᠬᠦᠢ ᠲᠤᠷᠰᠢᠯᠭ᠎ᠠ᠎ᠪᠠᠨ ᠬᠤᠪᠢᠶᠠᠯᠴᠠᠵᠤ᠂ ᠸᠧᠨᠧᠽᠦ᠋ᠧᠯᠠ ᠵᠢᠨ᠎ᠬᠢᠨ᠎ᠢ ᠬᠠᠪᠰᠤᠷᠤᠨ ᠤᠯᠤᠰ᠎ᠤᠨ ᠪᠦᠲᠦᠭᠡᠨ ᠪᠠᠶ᠋ᠢᠭᠤᠯᠤᠯᠲᠠ ᠵᠢ᠎ᠨᠢ ᠠᠬᠢᠭᠤᠯᠤᠨ᠎ᠠ ᠭᠡᠵᠦ ᠵᠢᠭ᠋ᠠᠵᠤ ᠭᠠᠷᠭ᠋ᠠᠪᠠ᠃

      ᠰᠢ ᠵᠢᠨ ᠫᠢᠩ᠂ ᠢᠷᠡᠬᠦ ᠵᠢᠯ ᠪᠣᠯ ᠳᠤᠮᠳᠠᠳᠤ ᠸᠧᠨᠧᠽᠦ᠋ᠧᠯᠠ ᠵᠢᠨ ᠭᠠᠳᠠᠭ᠋ᠠᠳᠤ ᠬᠠᠷᠢᠯᠴᠠᠭ᠎ᠠ ᠪᠠᠶ᠋ᠢᠭᠤᠯᠤᠭᠰᠠᠨ 50 ᠵᠢᠯ᠎ᠤᠨ ᠣᠶ ᠮᠥᠨ᠂ ᠬᠤᠶᠠᠷ ᠲᠠᠯ᠎ᠠ᠎ᠪᠠᠷ ᠵᠶ᠋ᠠᠨ ᠦᠪᠡᠳᠡᠭᠰᠢ ᠶᠡᠭᠡ᠎ᠪᠠᠷ ᠪᠡᠯᠭᠡᠯᠡᠶ᠎ᠡ᠃ ᠳᠤᠮᠳᠠᠳᠤ ᠤᠯᠤᠰ ᠳᠤᠷᠠᠲᠠᠶ᠎ᠠ ᠸᠧᠨᠧᠽᠦ᠋ᠧᠯᠠ ᠵᠢᠨ᠎ᠬᠢᠨ᠎ᠲᠠᠢ ᠰᠣᠶᠣᠯ ᠢᠷᠭᠡᠨᠰᠢᠯ᠎ᠤᠨ ᠰᠣᠯᠢᠯᠴᠠᠭ᠎ᠠ᠎ᠪᠠᠨ ᠨᠢᠭᠲᠠᠷᠠᠭᠤᠯᠵᠤ᠂ ᠸᠧᠨᠧᠽᠦ᠋ᠧᠯᠠ᠎ᠳᠤ ᠬᠢᠲᠠᠳ ᠬᠡᠯᠡᠨ᠎ᠤ ᠵᠢᠭ᠋ᠠᠨ ᠰᠤᠷᠭ᠋ᠠᠯᠲᠠ ᠥᠷᠨᠢᠭᠦᠯᠵᠦ᠂ ᠺᠦᠩᠽᠢ ᠳᠡᠭᠡᠳᠦ ᠰᠤᠷᠭ᠋ᠠᠭᠤᠯᠢ ᠵᠢ ᠰᠠᠶ᠋ᠢᠲᠤᠷ ᠡᠷᠭᠢᠯᠡᠵᠦ᠂ ᠵᠠᠭᠤᠴᠢᠯᠠᠭᠤᠷ᠎ᠤᠨ ᠰᠣᠯᠢᠯᠴᠠᠭ᠎ᠠ᠎ᠪᠠᠨ ᠴᠢᠩᠭ᠋ᠠᠳᠬᠠᠵᠤ᠂ ᠳᠤᠮᠳᠠᠳᠤ ᠸᠧᠨᠧᠽᠦ᠋ᠧᠯᠠ ᠵᠢᠨ ᠨᠥᠬᠦᠷᠯᠡᠯ᠎ᠤᠨ ᠦᠯᠢᠭᠡᠷ᠎ᠢ ᠰᠠᠶ᠋ᠢᠲᠤᠷ ᠶᠠᠷᠢᠬᠤ ᠵᠢ ᠳᠡᠮᠵᠢᠨ᠎ᠡ᠃ ᠬᠤᠶᠠᠷ ᠲᠠᠯ᠎ᠠ᠎ᠪᠠᠷ ᠵᠶ᠋ᠠᠨ ᠳᠤᠮᠳᠠᠳᠤ ᠸᠧᠨᠧᠽᠦ᠋ᠧᠯᠠ ᠵᠢᠨ ᠳᠡᠭᠡᠳᠦ ᠳᠡᠰ᠎ᠤᠨ ᠬᠤᠯᠢᠮᠠᠭ ᠵᠥᠪᠯᠡᠯ᠎ᠤᠨ ᠠᠷᠪᠠᠨ ᠳᠣᠯᠣᠳᠤᠭ᠋ᠠᠷ ᠤᠳᠠᠭ᠎ᠠ ᠵᠢᠨ ᠬᠤᠷᠠᠯ᠎ᠤᠨ ᠣᠯᠣᠭᠰᠠᠨ ᠦᠷ᠎ᠡ ᠪᠦᠲᠦᠭᠡᠯ᠎ᠢ ᠨᠠᠷᠢᠨ ᠬᠢᠨᠠᠮᠠᠭ᠋ᠠᠢ ᠨᠠᠶ᠋ᠢᠳᠠᠪᠤᠷᠢᠵᠢᠭᠤᠯᠵᠤ᠂ ᠳᠠᠷᠠᠭ᠋ᠠᠴᠢ ᠵᠢᠨ ᠱᠠᠲᠤᠨ᠎ᠤ ᠡᠯ᠎ᠡ ᠬᠦᠷᠢᠶᠡᠨ᠎ᠤ ᠪᠣᠳᠠᠲᠠᠢ ᠵᠢ ᠡᠷᠬᠢᠮᠯᠡᠭᠰᠡᠨ ᠬᠠᠮᠲᠤᠷᠠᠯᠴᠠᠭ᠎ᠠ᠎ᠪᠠᠨ ᠴᠢᠩᠭ᠋ᠠᠳᠬᠠᠶ᠎ᠠ᠃ ᠳᠤᠮᠳᠠᠳᠤ ᠤᠯᠤᠰ ᠳᠤᠷᠠᠲᠠᠶ᠎ᠠ ᠸᠧᠨᠧᠽᠦ᠋ᠧᠯᠠ ᠵᠢᠨ ᠴᠢᠨᠠᠷ ᠰᠠᠶ᠋ᠢᠲᠠᠢ ᠣᠨᠴᠠᠯᠢᠭᠲᠤ ᠪᠦᠲᠦᠭᠡᠭᠳᠡᠬᠦᠨ᠎ᠢ ᠣᠷᠣᠭᠤᠯᠤᠨ᠎ᠠ᠃ ᠸᠧᠨᠧᠽᠦ᠋ᠧᠯᠠ ᠳᠤᠮᠳᠠᠳᠤ ᠤᠯᠤᠰ᠎ᠤᠨ ᠡᠭᠦᠰᠬᠡᠨ ᠪᠠᠶ᠋ᠢᠭᠤᠯᠤᠭᠰᠠᠨ ᠳᠡᠯᠡᠬᠡᠢ ᠵᠢᠨ ᠰᠠᠷᠠᠨ ᠪᠥᠮᠪᠥᠷᠴᠡᠭ᠎ᠤᠨ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠦᠷᠳᠡᠭᠡ ᠵᠢᠨ ᠬᠠᠮᠲᠤᠷᠠᠯᠴᠠᠭ᠎ᠠ᠎ᠳᠤ ᠣᠷᠣᠯᠴᠠᠬᠰᠠᠨ ᠠᠮᠧᠷᠢᠺᠠ ᠲᠢᠪ᠎ᠤᠨ ᠠᠩᠬᠠᠳᠠᠭᠴᠢ ᠤᠯᠤᠰ ᠪᠣᠯᠤᠭᠰᠠᠨ᠎ᠳᠤ ᠪᠠᠶᠠᠷ ᠬᠦᠷᠭᠡᠶ᠎ᠡ᠃ ᠬᠤᠶᠠᠷ ᠲᠠᠯ᠎ᠠ᠎ᠪᠠᠷ ᠵᠶ᠋ᠠᠨ ᠤᠯᠠᠨ ᠤᠯᠤᠰ᠎ᠤᠨ ᠬᠤᠯᠪᠣᠭ᠋ᠠᠲᠤ ᠪᠠᠶ᠋ᠢᠭᠤᠯᠭ᠎ᠠ᠂ 《77 ᠤᠯᠤᠰ᠎ᠤᠨ ᠪᠦᠯᠦᠭᠯᠡᠯ ᠪᠣᠯᠣᠨ ᠳᠤᠮᠳᠠᠳᠤ ᠤᠯᠤᠰ》 ᠵᠡᠷᠭᠡ ᠤᠯᠠᠨ ᠲᠠᠯ᠎ᠠ ᠵᠢᠨ ᠲᠣᠭᠲᠠᠴᠠ ᠳᠤᠮᠳᠠ ᠨᠢᠭᠲᠠ ᠬᠠᠮᠵᠢᠯᠴᠠᠵᠤ᠂ ᠪᠤᠰᠤᠳ ᠬᠥᠭᠵᠢᠵᠦ ᠪᠠᠶ᠋ᠢᠭ᠎ᠠ ᠤᠯᠤᠰ᠎ᠤᠳ᠎ᠯᠤᠭ᠎ᠠ ᠪᠦᠯᠬᠦᠮᠳᠡᠯ ᠬᠠᠮᠲᠤᠷᠠᠯᠴᠠᠭ᠎ᠠ᠎ᠪᠠᠨ ᠴᠢᠩᠭ᠋ᠠᠳᠬᠠᠵᠤ᠂ ᠤᠯᠠᠨ ᠤᠯᠤᠰ᠎ᠤᠨ ᠬᠤᠯᠪᠣᠭ᠋ᠠᠲᠤ ᠪᠠᠶ᠋ᠢᠭᠤᠯᠭ᠎ᠠ ᠵᠢᠨ ᠦᠨᠳᠦᠰᠦᠨ ᠳᠦᠷᠢᠮ᠎ᠤᠨ ᠵᠣᠷᠢᠯᠲᠠ ᠪᠣᠯᠣᠨ ᠵᠠᠷᠴᠢᠮ᠎ᠢ ᠬᠠᠮᠲᠤ᠎ᠪᠠᠷ ᠬᠠᠮᠠᠭ᠋ᠠᠯᠠᠵᠤ᠂ ᠥᠷᠭᠡᠨ ᠤᠯᠠᠨ ᠬᠥᠭᠵᠢᠵᠦ ᠪᠠᠶ᠋ᠢᠭ᠎ᠠ ᠤᠯᠤᠰ᠎ᠤᠳ᠎ᠤᠨ ᠬᠠᠮᠲᠤ ᠵᠢᠨ ᠠᠰᠢᠭ ᠲᠤᠰᠠ ᠵᠢ ᠬᠠᠮᠠᠭ᠋ᠠᠯᠠᠶ᠎ᠠ᠃ ᠳᠤᠮᠳᠠᠳᠤ ᠤᠯᠤᠰ ᠳᠤᠮᠳᠠᠳᠤ ᠯᠠᠲ᠋ᠢᠨ ᠠᠮᠧᠷᠢᠺᠠ ᠵᠢᠨ ᠬᠠᠷᠢᠯᠴᠠᠭ᠋ᠠᠨ᠎ᠤ ᠬᠥᠭᠵᠢᠯᠲᠡ ᠵᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠵᠤ ᠪᠠᠶ᠋ᠢᠨ᠎ᠠ᠃ ᠢᠷᠡᠬᠦ ᠵᠢᠯ ᠪᠣᠯ ᠳᠤᠮᠳᠠᠳᠤ ᠯᠠᠲ᠋ᠢᠨ ᠠᠮᠧᠷᠢᠺᠠ ᠵᠢᠨ ᠶᠠᠷᠢᠶᠠᠨ᠎ᠤ ᠲᠠᠪᠴᠠᠩ ᠪᠠᠶ᠋ᠢᠭᠤᠯᠤᠭᠳᠠᠭᠰᠠᠨ 10 ᠵᠢᠯ᠎ᠤᠨ ᠤᠢ ᠪᠣᠯᠣᠨ᠎ᠠ᠃ ᠳᠤᠮᠳᠠᠳᠤ ᠤᠯᠤᠰ ᠳᠤᠷᠠᠲᠠᠶ᠎ᠠ ᠸᠧᠨᠧᠽᠦ᠋ᠧᠯᠠ ᠵᠡᠷᠭᠡ ᠭᠠᠵᠠᠷ ᠣᠷᠣᠨ᠎ᠤ ᠤᠯᠤᠰ᠎ᠤᠳ᠎ᠲᠠᠢ ᠬᠠᠮᠲᠤ᠎ᠪᠠᠷ ᠳᠤᠮᠳᠠᠳᠤ ᠤᠯᠤᠰ ᠪᠣᠯᠣᠨ ᠯᠠᠲ᠋ᠢᠨ ᠠᠮᠧᠷᠢᠺᠠ ᠲᠢᠪ᠎ᠤᠨ ᠪᠦᠬᠦᠯᠢ ᠴᠣᠭᠴᠠ ᠵᠢᠨ ᠬᠠᠮᠲᠤᠷᠠᠯᠴᠠᠭ᠎ᠠ ᠵᠢ ᠠᠬᠢᠭᠤᠯᠵᠤ᠂ ᠳᠤᠮᠳᠠᠳᠤ ᠤᠯᠤᠰ ᠪᠣᠯᠣᠨ ᠯᠠᠲ᠋ᠢᠨ ᠠᠮᠧᠷᠢᠺᠠ ᠲᠢᠪ᠎ᠤᠨ ᠬᠤᠪᠢ ᠵᠠᠶᠠᠭ᠋ᠠᠨ᠎ᠤ ᠬᠠᠮᠲᠤ ᠵᠢᠨ ᠴᠣᠭᠴᠠ ᠵᠢ ᠬᠠᠮᠲᠤ᠎ᠪᠠᠷ ᠪᠠᠶ᠋ᠢᠭᠤᠯᠤᠨ᠎ᠠ ᠭᠡᠵᠦ ᠵᠢᠭ᠋ᠠᠵᠤ ᠭᠠᠷᠭ᠋ᠠᠪᠠ᠃

      ᠮᠠᠳᠦ᠋ᠯᠦ᠋ᠸᠧ᠂ ᠲᠡᠷᠢᠭᠦᠯᠡᠭᠴᠢ ᠰᠢ ᠵᠢᠨ ᠫᠢᠩ᠎ᠤᠨ ᠤᠳᠤᠷᠢᠳᠤᠯᠭ᠎ᠠ ᠳᠣᠣᠷ᠎ᠠ᠂ ᠳᠤᠮᠳᠠᠳᠤ ᠤᠯᠤᠰ ᠨᠢᠭᠡᠨᠲᠡ ᠪᠦᠭᠦ ᠬᠥᠮᠥᠨ ᠲᠥᠷᠥᠯᠬᠢᠲᠡᠨ᠎ᠤ ᠡᠩᠬᠡ ᠲᠠᠶ᠋ᠢᠪᠤᠩ᠂ ᠬᠥᠭᠵᠢᠯᠲᠡ ᠪᠣᠯᠣᠨ ᠠᠵᠠ ᠵᠢᠷᠭ᠋ᠠᠯ᠎ᠤᠨ ᠲᠥᠯᠥᠭᠡ ᠴᠢᠷᠮᠠᠶ᠋ᠢᠬᠤ ᠠᠭᠤᠤ ᠶᠡᠭᠡ ᠤᠯᠤᠰ ᠪᠣᠯᠤᠭᠰᠠᠨ ᠪᠥᠭᠡᠳ ᠪᠠᠰᠠ ᠤᠯᠠᠨ ᠲᠤᠶ᠋ᠢᠯᠵᠢᠯᠳᠤ ᠰᠢᠨ᠎ᠡ ᠳᠡᠯᠡᠬᠡᠢ ᠶᠢᠷᠲᠢᠨᠴᠦ ᠵᠢ ᠠᠬᠢᠭᠤᠯᠬᠤ ᠴᠢᠬᠤᠯᠠ ᠬᠥᠳᠡᠯᠭᠡᠭᠦᠷ ᠪᠣᠯᠵᠠᠢ᠃ ᠮᠢᠨᠤ ᠲᠤᠰ ᠤᠳᠠᠭ᠎ᠠ ᠵᠢᠨ ᠳᠤᠮᠳᠠᠳᠤ ᠤᠯᠤᠰ᠎ᠲᠠᠬᠢ ᠠᠶ᠋ᠢᠯᠴᠢᠯᠠᠯᠲᠠ ᠵᠢᠨ ᠬᠤᠭᠤᠴᠠᠭ᠋ᠠᠨ᠎ᠳᠤ ᠦᠵᠡᠵᠦ ᠰᠣᠨᠣᠰᠤᠭᠰᠠᠨ ᠵᠦᠢ᠍ᠯ ᠪᠣᠯᠭ᠋ᠠᠨ ᠳᠤᠮᠳᠠᠳᠤ ᠤᠯᠤᠰ᠎ᠤᠨ ᠲᠠᠪᠰᠢᠯᠳᠠ ᠪᠣᠯᠣᠨ ᠬᠦᠴᠦᠨ ᠴᠢᠳᠠᠯ᠎ᠢ ᠭᠦᠢ᠍ᠴᠡᠳ ᠢᠯᠡᠷᠡᠭᠦᠯᠵᠦ ᠪᠠᠶ᠋ᠢᠨ᠎ᠠ᠂ ᠪᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠣᠯᠣᠭᠰᠠᠨ ᠠᠭᠤᠤ ᠶᠡᠭᠡ ᠠᠮᠵᠢᠯᠲᠠ᠎ᠳᠤ ᠴᠢᠩ ᠰᠡᠳᠬᠢᠯ᠎ᠠᠴᠠ᠎ᠪᠠᠨ ᠪᠠᠶᠠᠷ ᠬᠦᠷᠭᠡᠵᠦ ᠪᠠᠶ᠋ᠢᠨ᠎ᠠ᠃ ᠸᠧᠨᠧᠽᠦ᠋ᠧᠯᠠ ᠳᠤᠮᠳᠠᠳᠤ ᠵᠢᠨ ᠨᠥᠬᠦᠷᠯᠡᠯ ᠭᠦᠨ ᠵᠤᠵᠠᠭ᠋ᠠᠨ᠂ ᠬᠠᠮᠲᠤᠷᠠᠯᠴᠠᠭ᠋ᠠᠨ᠎ᠤ ᠦᠷ᠎ᠡ ᠪᠦᠲᠦᠭᠡᠯ ᠡᠯᠪᠡᠭ ᠪᠠᠶ᠋ᠢᠵᠤ᠂ ᠬᠤᠶᠠᠷ ᠤᠯᠤᠰ᠎ᠤᠨ ᠬᠠᠷᠢᠯᠴᠠᠭ᠎ᠠ ᠵᠢ ᠪᠦᠭᠦ ᠪᠥᠮᠪᠥᠷᠴᠡᠭ᠎ᠤᠨ ᠡᠮᠦᠨᠡᠲᠦ ᠣᠷᠣᠨ᠎ᠤ ᠤᠯᠤᠰ᠎ᠤᠳ᠎ᠤᠨ ᠬᠠᠷᠢᠯᠴᠠᠭ᠋ᠠᠨ᠎ᠤ ᠬᠡᠪ ᠳᠠᠭᠤᠷᠢᠶᠠᠯ ᠭᠡᠵᠦ ᠬᠡᠯᠡᠵᠦ ᠪᠣᠯᠣᠨ᠎ᠠ᠃ ᠸᠧᠨᠧᠽᠦ᠋ᠧᠯᠠ ᠵᠢᠨ ᠠᠷᠠᠳ ᠲᠦᠮᠡᠨ ᠳᠤᠮᠳᠠᠳᠤ ᠤᠯᠤᠰ᠎ᠤᠨ ᠵᠠᠰᠠᠭ᠎ᠤᠨ ᠣᠷᠳᠣᠨ ᠪᠣᠯᠣᠨ ᠠᠷᠠᠳ ᠲᠦᠮᠡᠨ᠎ᠤ ᠸᠧᠨᠧᠽᠦ᠋ᠧᠯᠠ ᠵᠢᠨ᠎ᠬᠢᠨ ᠬᠠᠤᠯᠢ ᠪᠤᠰᠤ ᠭᠠᠭᠴᠠ ᠲᠠᠯ᠎ᠠ ᠵᠢᠨ ᠵᠠᠯᠬᠠᠭ᠋ᠠᠯ ᠪᠣᠯᠣᠨ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ ᠵᠡᠷᠭᠡ ᠤᠯᠠᠨ ᠳᠠᠪᠬᠤᠷ ᠬᠦᠴᠢᠷᠳᠡᠯ᠎ᠳᠤ ᠲᠤᠯᠭ᠋ᠠᠷᠠᠭᠰᠠᠨ ᠦᠶ᠎ᠡ᠎ᠳᠤ ᠬᠠᠩᠭ᠋ᠠᠭᠰᠠᠨ ᠡᠷᠬᠢᠮ ᠨᠠᠨᠳᠢᠨ ᠳᠡᠮᠵᠢᠯᠭᠡ ᠪᠣᠯᠣᠨ ᠬᠠᠪᠰᠤᠷᠤᠯᠭ᠎ᠠ᠎ᠳᠤ ᠴᠢᠩ ᠰᠡᠳᠬᠢᠯ᠎ᠠᠴᠠ᠎ᠪᠠᠨ ᠲᠠᠯᠠᠷᠬᠠᠵᠤ ᠪᠠᠶ᠋ᠢᠨ᠎ᠠ᠃ ᠳᠤᠮᠳᠠᠳᠤ ᠤᠯᠤᠰ᠎ᠤᠨ ᠠᠬ᠎ᠠ ᠳᠡᠭᠦᠦ ᠨᠠᠷ᠎ᠤᠨ ᠬᠠᠪᠰᠤᠷᠤᠯᠭ᠎ᠠ᠎ᠪᠠᠷ ᠸᠧᠨᠧᠽᠦ᠋ᠧᠯᠠ ᠵᠢᠨ ᠠᠷᠠᠳ ᠲᠦᠮᠡᠨ ᠰᠢᠯᠭ᠋ᠠᠯᠲᠠ ᠵᠢ ᠳᠠᠭ᠋ᠠᠭ᠋ᠠᠵᠤ᠂ ᠤᠯᠤᠰ᠎ᠤᠨ ᠠᠵᠤ ᠠᠬᠤᠢ ᠵᠢᠨ ᠪᠦᠲᠦᠭᠡᠨ ᠪᠠᠶ᠋ᠢᠭᠤᠯᠤᠯᠲᠠ ᠵᠢᠨ ᠦᠢ᠍ᠯᠡᠰ᠎ᠲᠤ ᠶᠡᠷᠦ ᠪᠤᠰᠤ ᠵᠢᠨ ᠠᠮᠵᠢᠯᠲᠠ ᠣᠯᠣᠭᠰᠠᠨ ᠶᠤᠮ᠃ ᠣᠳᠣᠬᠠᠨ᠎ᠳᠤ ᠸᠧᠨᠧᠽᠦ᠋ᠧᠯᠠ ᠵᠢᠨ ᠤᠯᠤᠰ᠎ᠤᠨ ᠬᠥᠭᠵᠢᠯᠲᠡ ᠪᠣᠯᠣᠨ ᠸᠧᠨᠧᠽᠦ᠋ᠧᠯᠠ ᠳᠤᠮᠳᠠᠳᠤ ᠵᠢᠨ ᠬᠠᠷᠢᠯᠴᠠᠭ᠎ᠠ ᠴᠥᠮ ᠴᠢᠬᠤᠯᠠ ᠴᠠᠭ ᠦᠶ᠎ᠡ᠎ᠳᠤ ᠣᠷᠣᠰᠢᠵᠤ ᠪᠠᠶ᠋ᠢᠨ᠎ᠠ᠂ ᠪᠢ ᠳᠤᠮᠳᠠᠳᠤ ᠤᠯᠤᠰ᠎ᠲᠤ ᠲᠦᠷᠦ ᠵᠢᠨ ᠶᠠᠪᠤᠳᠠᠯ᠎ᠤᠨ ᠠᠶ᠋ᠢᠯᠴᠢᠯᠠᠯᠲᠠ ᠬᠢᠬᠦ ᠵᠢᠨ ᠬᠠᠮᠲᠤ ᠲᠡᠷᠢᠭᠦᠯᠡᠭᠴᠢ ᠰᠢ ᠵᠢᠨ ᠫᠢᠩ᠎ᠲᠠᠢ ᠬᠠᠮᠲᠤ᠎ᠪᠠᠷ ᠸᠧᠨᠧᠽᠦ᠋ᠧᠯᠠ ᠳᠤᠮᠳᠠᠳᠤ ᠵᠢᠨ ᠬᠠᠷᠢᠯᠴᠠᠭ᠎ᠠ ᠵᠢ ᠪᠦᠭᠦ ᠲᠠᠯ᠎ᠠ ᠵᠢᠨ ᠪᠠᠶ᠋ᠢᠯᠳᠤᠬᠤ ᠪᠣᠳᠣᠯᠭ᠎ᠠ ᠵᠢᠨ ᠬᠠᠨᠢᠲᠠᠨ᠎ᠤ ᠬᠠᠷᠢᠯᠴᠠᠭ᠎ᠠ ᠪᠣᠯᠭ᠋ᠠᠨ ᠳᠡᠭᠡᠭᠰᠢᠯᠡᠭᠦᠯᠭᠦ᠎ᠪᠠᠷ ᠨᠡᠶ᠋ᠢᠲᠡᠯᠡᠭᠰᠡᠨ᠎ᠨᠢ ᠲᠡᠦᠬᠡᠲᠦ ᠠᠴᠢ ᠬᠤᠯᠪᠣᠭᠳᠠᠯ᠎ᠲᠠᠢ ᠶᠤᠮ᠂ ᠡᠨᠡ᠎ᠨᠢ ᠯᠠᠪᠲᠠᠢ ᠸᠧᠨᠧᠽᠦ᠋ᠧᠯᠠ ᠳᠤᠮᠳᠠᠳᠤ ᠵᠢᠨ ᠬᠠᠷᠢᠯᠴᠠᠭ᠎ᠠ ᠵᠢᠨ ᠰᠢᠨ᠎ᠡ ᠴᠠᠭ ᠦᠶ᠎ᠡ ᠵᠢ ᠨᠡᠭᠡᠭᠡᠬᠦ ᠪᠣᠯᠣᠨ᠎ᠠ᠃ ᠸᠧᠨᠧᠽᠦ᠋ᠧᠯᠠ ᠵᠢᠨ᠎ᠬᠢᠨ ᠳᠤᠷᠠᠲᠠᠶ᠎ᠠ ᠳᠤᠮᠳᠠᠳᠤ ᠵᠢᠨ ᠲᠠᠯ᠎ᠠ ᠵᠢᠨ ᠠᠵᠤ ᠠᠬᠤᠢ ᠵᠢᠨ ᠣᠨᠴᠠᠭ᠋ᠠᠢ ᠣᠷᠣᠨ᠎ᠢ ᠪᠠᠶ᠋ᠢᠭᠤᠯᠤᠭᠰᠠᠨ ᠲᠤᠷᠰᠢᠯᠭ᠎ᠠ ᠵᠢ ᠰᠤᠷᠤᠯᠴᠠᠨ ᠲᠣᠯᠢᠳᠠᠵᠤ᠂ ᠬᠤᠶᠠᠷ ᠤᠯᠤᠰ᠎ᠤᠨ ᠬᠥᠳᠡᠭᠡ ᠠᠵᠤ ᠠᠬᠤᠢ᠂ ᠪᠡᠯᠡ ᠣᠷᠣᠭᠤᠯᠤᠯᠲᠠ᠂ ᠰᠤᠷᠭ᠋ᠠᠨ ᠬᠥᠮᠦᠵᠢᠯ᠂ ᠵᠢᠭᠤᠯᠴᠢᠯᠠᠯ ᠵᠡᠷᠭᠡ ᠬᠦᠷᠢᠶᠡᠨ᠎ᠤ ᠪᠣᠳᠠᠲᠠᠢ ᠵᠢ ᠡᠷᠬᠢᠮᠯᠡᠭᠰᠡᠨ ᠬᠠᠮᠲᠤᠷᠠᠯᠴᠠᠭ᠎ᠠ ᠵᠢ ᠭᠦᠨᠵᠡᠭᠡᠶ᠋ᠢᠷᠡᠭᠦᠯᠦᠨ᠎ᠡ᠃ ᠸᠧᠨᠧᠽᠦ᠋ᠧᠯᠠ ᠵᠢᠨ᠎ᠬᠢᠨ 《ᠨᠢᠭᠡ ᠪᠦᠰᠡ ᠨᠢᠭᠡ ᠵᠠᠮ》᠎ᠢ ᠬᠠᠮᠲᠤ᠎ᠪᠠᠷ ᠪᠦᠲᠦᠭᠡᠨ ᠪᠠᠶ᠋ᠢᠭᠤᠯᠬᠤ ᠵᠢ ᠢᠳᠡᠪᠬᠢᠲᠡᠢ ᠳᠡᠮᠵᠢᠵᠦ᠂ ᠲᠡᠷᠢᠭᠦᠯᠡᠭᠴᠢ ᠰᠢ ᠵᠢᠨ ᠫᠢᠩ᠎ᠤᠨ ᠳᠤᠷᠠᠳᠤᠭᠰᠠᠨ ᠪᠦᠭᠦ ᠪᠥᠮᠪᠥᠷᠴᠡᠭ᠎ᠤᠨ ᠬᠥᠭᠵᠢᠯᠲᠡ ᠵᠢᠨ ᠰᠠᠨᠠᠭ᠋ᠠᠴᠢᠯᠠᠭ᠎ᠠ᠂ ᠪᠦᠭᠦ ᠪᠥᠮᠪᠥᠷᠴᠡᠭ᠎ᠤᠨ ᠠᠮᠤᠷ ᠲᠦᠪᠰᠢᠨ᠎ᠤ ᠰᠠᠨᠠᠭ᠋ᠠᠴᠢᠯᠠᠭ᠎ᠠ᠂ ᠪᠦᠭᠦ ᠪᠥᠮᠪᠥᠷᠴᠡᠭ᠎ᠤᠨ ᠪᠣᠯᠪᠠᠰᠤᠨ᠎ᠤ ᠰᠠᠨᠠᠭ᠋ᠠᠴᠢᠯᠠᠭ᠎ᠠ ᠵᠢ ᠳᠡᠮᠵᠢᠵᠦ᠂ ᠳᠤᠷᠠᠲᠠᠶ᠎ᠠ ᠳᠤᠮᠳᠠᠳᠤ ᠤᠯᠤᠰ᠎ᠯᠤᠭ᠎ᠠ ᠣᠯᠠᠨ ᠤᠯᠤᠰ᠎ᠤᠨ ᠬᠤᠯᠪᠣᠭ᠋ᠠᠲᠤ ᠪᠠᠶ᠋ᠢᠭᠤᠯᠭ᠎ᠠ᠂ ᠠᠯᠲᠠᠨ ᠲᠣᠭᠤᠰᠭ᠋᠎ᠠ ᠤᠯᠤᠰ᠎ᠤᠳ᠎ᠤᠨ ᠲᠣᠭᠲᠠᠴᠠ ᠵᠡᠷᠭᠡ ᠣᠯᠠᠨ ᠲᠠᠯ᠎ᠠ ᠵᠢᠨ ᠪᠣᠷᠣ ᠲᠥᠯᠥᠪ᠎ᠤᠨ ᠳᠣᠲᠣᠷᠠᠬᠢ ᠣᠯᠣᠯᠴᠠᠭ᠎ᠠ ᠬᠠᠮᠵᠢᠯᠴᠠᠭ᠎ᠠ᠎ᠪᠠᠨ ᠨᠢᠭᠲᠠᠷᠠᠭᠤᠯᠵᠤ᠂ ᠣᠯᠠᠨ ᠲᠠᠯᠠᠲᠤ ᠦᠵᠡᠯ ᠪᠣᠯᠣᠨ ᠬᠥᠭᠵᠢᠵᠦ ᠪᠠᠶ᠋ᠢᠭ᠎ᠠ ᠤᠯᠤᠰ᠎ᠤᠳ᠎ᠤᠨ ᠵᠦᠢ ᠶᠣᠰᠣᠨ᠎ᠤ ᠠᠰᠢᠭ ᠲᠤᠰᠠ ᠵᠢ ᠬᠠᠮᠠᠭ᠋ᠠᠯᠠᠵᠤ᠂ ᠬᠥᠮᠥᠨ ᠲᠥᠷᠥᠯᠬᠢᠲᠡᠨ᠎ᠤ ᠬᠤᠪᠢ ᠵᠠᠶᠠᠭ᠋ᠠᠨ᠎ᠤ ᠬᠠᠮᠲᠤ ᠵᠢᠨ ᠴᠣᠭᠴᠠ ᠵᠢᠨ ᠪᠠᠶ᠋ᠢᠭᠤᠯᠤᠯᠲᠠ ᠵᠢ ᠠᠬᠢᠭᠤᠯᠤᠨ᠎ᠠ᠃ ᠸᠧᠨᠧᠽᠦ᠋ᠧᠯᠠ ᠵᠢᠨ᠎ᠬᠢᠨ ᠳᠤᠷᠠᠲᠠᠶ᠎ᠠ ᠯᠠᠲ᠋ᠢᠨ ᠠᠮᠧᠷᠢᠺᠠ ᠲᠢᠪ ᠎ᠤᠨ ᠬᠠᠮᠲᠤ ᠵᠢᠨ ᠴᠣᠭᠴᠠ ᠪᠣᠯᠣᠨ ᠳᠤᠮᠳᠠᠳᠤ ᠤᠯᠤᠰ᠎ᠤᠨ ᠬᠠᠷᠢᠯᠴᠠᠭ᠎ᠠ ᠵᠢᠨ ᠴᠢᠨᠠᠭᠰᠢᠳᠠ ᠵᠢᠨ ᠬᠥᠭᠵᠢᠯᠲᠡ᠎ᠳᠤ ᠢᠳᠡᠪᠬᠢᠲᠡᠢ ᠦᠢ᠍ᠯᠡᠳᠦᠯ ᠦᠵᠡᠭᠦᠯᠦᠨ᠎ᠡ ᠭᠡᠵᠦ ᠢᠯᠡᠳᠬᠡᠪᠡ᠃

      ᠬᠡᠯᠡᠯᠴᠡᠭᠡ ᠲᠡᠭᠦᠰᠦᠭᠰᠡᠨ᠎ᠤ ᠲᠠᠷᠠᠭ᠎ᠠ᠂ ᠬᠤᠶᠠᠷ ᠤᠯᠤᠰ᠎ᠤᠨ ᠲᠡᠷᠢᠭᠦᠨ 《ᠨᠢᠭᠡ ᠪᠦᠰᠡ ᠨᠢᠭᠡ ᠵᠠᠮ》᠎ᠢ ᠬᠠᠮᠲᠤ᠎ᠪᠠᠷ ᠪᠦᠲᠦᠭᠡᠨ ᠪᠠᠶ᠋ᠢᠭᠤᠯᠬᠤ᠂ ᠠᠵᠤ ᠠᠬᠤᠢ ᠠᠷᠠᠯᠵᠢᠶ᠎ᠠ᠂ ᠰᠤᠷᠭ᠋ᠠᠨ ᠬᠥᠮᠦᠵᠢᠯ᠂ ᠵᠢᠭᠤᠯᠴᠢᠯᠠᠯ᠂ ᠰᠢᠨᠵᠢᠯᠡᠬᠦ ᠤᠬᠠᠭ᠋ᠠᠨ ᠲᠤᠭ᠌ᠨᠢᠭ᠌ ᠮᠡᠷᠭᠡᠵᠢᠯ᠂ ᠡᠷᠡᠭᠦᠯ ᠬᠠᠮᠠᠭ᠋ᠠᠯᠠᠯ᠂ ᠰᠠᠨᠰᠠᠷ᠎ᠤᠨ ᠠᠶᠠᠯᠠᠯ᠂ ᠠᠷᠠᠳ᠎ᠤᠨ ᠠᠭ᠋ᠠᠷ᠎ᠤᠨ ᠠᠶᠠᠯᠠᠯ ᠵᠡᠷᠭᠡ ᠬᠦᠷᠢᠶᠡᠨ᠎ᠤ ᠤᠯᠠᠨ ᠵᠦᠢ᠍ᠯ᠎ᠤᠨ ᠬᠤᠶᠠᠷ ᠲᠠᠯ᠎ᠠ ᠵᠢᠨ ᠬᠠᠮᠲᠤᠷᠠᠯᠴᠠᠭ᠋ᠠᠨ᠎ᠤ ᠪᠢᠴᠢᠭ ᠮᠠᠲ᠋ᠧᠷᠢᠶᠠᠯ᠎ᠳᠤ ᠭᠠᠷ᠎ᠤᠨ ᠦᠰᠦᠭ ᠵᠢᠷᠤᠬᠤ ᠵᠢ ᠬᠠᠮᠲᠤ᠎ᠪᠠᠷ ᠭᠡᠷᠡᠴᠢᠯᠡᠪᠡ᠃

      ᠬᠤᠶᠠᠷ ᠲᠠᠯ᠎ᠠ᠎ᠪᠠᠷ ᠵᠶ᠋ᠠᠨ 《ᠪᠦᠭᠦ ᠲᠠᠯ᠎ᠠ ᠵᠢᠨ ᠪᠠᠶ᠋ᠢᠯᠳᠤᠬᠤ ᠪᠣᠳᠣᠯᠭ᠎ᠠ ᠵᠢᠨ ᠬᠠᠨᠢᠲᠠᠨ᠎ᠤ ᠬᠠᠷᠢᠯᠴᠠᠭ᠎ᠠ ᠪᠠᠶ᠋ᠢᠭᠤᠯᠬᠤ ᠲᠤᠬᠠᠢ ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ ᠪᠣᠯᠣᠨ ᠪᠦᠭᠦᠳᠡ ᠨᠠᠶ᠋ᠢᠷᠠᠮᠳᠠᠬᠤ ᠸᠧᠨᠧᠽᠦ᠋ᠧᠯᠠ ᠪᠤᠯᠢᠸᠠᠷ ᠤᠯᠤᠰ᠎ᠤᠨ ᠬᠠᠮᠲᠤᠷᠠᠭᠰᠠᠨ ᠢᠯᠡᠷᠬᠡᠶ᠋ᠢᠯᠡᠯᠲᠡ》 ᠵᠢ ᠨᠡᠶ᠋ᠢᠲᠡᠯᠡᠪᠡ᠃

      ᠬᠡᠯᠡᠯᠴᠡᠭᠡ ᠬᠢᠬᠦ᠎ᠠᠴᠠ ᠡᠮᠦᠨ᠎ᠡ᠂ ᠰᠢ ᠵᠢᠨ ᠫᠢᠩ ᠠᠷᠠᠳ᠎ᠤᠨ ᠶᠡᠭᠡ ᠬᠤᠷᠠᠯ᠎ᠤᠨ ᠲᠠᠩᠬᠢᠮ᠎ᠤᠨ ᠵᠡᠭᠦᠨ ᠡᠭᠦᠳᠡᠨ᠎ᠤ ᠭᠠᠳᠠᠨᠠᠬᠢ ᠠᠭᠤᠳᠠᠮ ᠲᠠᠯᠠᠪᠠᠢ᠎ᠳᠤ ᠮᠠᠳᠦ᠋ᠯᠦ᠋ᠸᠧ ᠵᠢ ᠤᠭᠲᠤᠬᠤ ᠶᠣᠰᠣᠯᠠᠯ ᠶᠠᠪᠤᠭᠤᠯᠪᠠ᠃

      ᠮᠠᠳᠦ᠋ᠯᠦ᠋ᠸᠧ ᠬᠦᠷᠴᠦ ᠢᠷᠡᠬᠦ ᠦᠶ᠎ᠡ᠎ᠳᠤ ᠶᠣᠰᠣᠯᠠᠯ᠎ᠤᠨ ᠴᠡᠷᠢᠭ ᠠᠩᠭᠢ ᠮᠥᠷᠯᠡᠨ ᠵᠣᠭᠰᠣᠵᠤ ᠶᠣᠰᠣᠯᠠᠪᠠ᠃ ᠬᠤᠶᠠᠷ ᠤᠯᠤᠰ᠎ᠤᠨ ᠲᠡᠷᠢᠭᠦᠨ ᠰᠢᠯᠭ᠋ᠠᠨ ᠦᠵᠡᠬᠦ ᠲᠠᠶ᠋ᠢᠰᠠᠨ᠎ᠳᠤ ᠭᠠᠷᠴᠤ᠂ ᠴᠡᠷᠢᠭ᠎ᠤᠨ ᠬᠥᠭᠵᠢᠮ᠎ᠤᠨ ᠪᠦᠯᠭᠦᠮ ᠳᠤᠮᠳᠠᠳᠤ ᠸᠧᠨᠧᠽᠦ᠋ᠧᠯᠠ ᠬᠤᠶᠠᠷ ᠤᠯᠤᠰ᠎ᠤᠨ ᠰᠦᠯᠳᠡ ᠳᠠᠭᠤᠤ ᠵᠢ ᠬᠥᠭᠵᠢᠮᠳᠡᠵᠦ᠂ ᠲᠢᠶᠠᠨ ᠠᠨ ᠮᠧᠨ ᠠᠭᠤᠳᠠᠮ ᠲᠠᠯᠠᠪᠠᠢ᠎ᠳᠤ ᠶᠣᠰᠣᠯᠠᠯ᠎ᠤᠨ ᠫᠤᠤ ᠵᠢ 21 ᠳᠤᠤᠭ᠋ᠠᠷᠭ᠋ᠠᠪᠠ᠃ ᠮᠠᠳᠦ᠋ᠯᠦ᠋ᠸᠧ ᠰᠢ ᠵᠢᠨ ᠫᠢᠩ᠎ᠤᠨ ᠪᠠᠷ᠎ᠠ ᠪᠤᠯᠤᠯᠭ᠎ᠠ᠎ᠲᠠᠢ᠎ᠪᠠᠷ ᠳᠤᠮᠳᠠᠳᠤ ᠤᠯᠤᠰ᠎ᠤᠨ ᠠᠷᠠᠳ᠎ᠤᠨ ᠴᠢᠯᠦᠭᠡᠯᠡᠬᠦ ᠴᠡᠷᠢᠭ᠎ᠤᠨ ᠶᠣᠰᠣᠯᠠᠯ᠎ᠤᠨ ᠠᠩᠭᠢ ᠵᠢ ᠰᠢᠯᠭ᠋ᠠᠨ ᠦᠵᠡᠭᠰᠡᠨ ᠪᠥᠭᠡᠳ ᠵᠢᠭᠰᠠᠭ᠋ᠠᠯ᠎ᠢ ᠰᠣᠨᠢᠷᠬᠠᠪᠠ᠃

      ᠰᠢ ᠵᠢᠨ ᠫᠢᠩ᠎ᠤᠨ ᠬᠠᠳᠤᠨ ᠫᠧᠩ ᠯᠢ ᠶᠤᠸᠠᠨ ᠪᠣᠯᠣᠨ ᠮᠠᠳᠥ᠋ᠯᠦ᠋ᠸᠧ ᠵᠢᠨ ᠬᠠᠳᠤᠨ ᠹᠯᠤᠯᠤᠶ᠋ᠢᠰ ᠪᠠᠷ᠎ᠠ ᠪᠣᠯᠵᠤ ᠤᠭᠲᠤᠬᠤ ᠶᠣᠰᠣᠯᠠᠯ᠎ᠳᠤ ᠣᠷᠣᠯᠴᠠᠪᠠ᠃

      ᠲᠤᠰ ᠣᠷᠣᠢ᠂ ᠰᠢ ᠵᠢᠨ ᠫᠢᠩ ᠪᠣᠯᠣᠨ ᠫᠧᠩ ᠯᠢ ᠶᠤᠸᠠᠨ ᠠᠷᠠᠳ᠎ᠤᠨ ᠶᠡᠭᠡ ᠬᠤᠷᠠᠯ᠎ᠤᠨ ᠲᠠᠩᠬᠢᠮ᠎ᠤᠨ ᠰᠢᠵᠢᠷ ᠠᠯᠳᠠᠨ ᠶᠡᠭᠡ ᠲᠢᠩᠬᠢᠮ᠎ᠳᠤ ᠮᠠᠳᠦ᠋ᠯᠦ᠋ᠸᠧ ᠪᠣᠯᠣᠨ ᠹᠯᠤᠯᠤᠶ᠋ᠢᠰ᠎ᠢ ᠤᠭᠲᠤᠬᠤ ᠳᠠᠶ᠋ᠢᠯᠠᠯᠭ᠎ᠠ ᠬᠢᠪᠡ᠃

      ᠸᠠᠩ ᠢ ᠳᠡᠭᠡᠷᠡᠬᠢ ᠠᠵᠢᠯᠯᠠᠭ᠎ᠠ᠎ᠳᠤ ᠣᠷᠣᠯᠴᠠᠵᠠᠢ᠃
   

 

ᠢᠷᠡᠯᠲᠡ᠄ ᠥᠪᠥᠷ ᠮᠣᠩᠭᠤᠯ᠎ᠤᠨ ᠡᠳᠦᠷ᠎ᠤᠨ ᠰᠣᠨᠢᠨ
          
ᠬᠠᠮᠢᠶ᠎ᠡ ᠪᠦᠬᠦᠢ ᠰᠣᠨᠢᠨ
ᠥᠪᠥᠷ ᠮᠣᠩᠭᠣᠯ᠎ᠤᠨ ᠭᠠᠨᠰᠦ ᠬᠣᠶᠠᠷ ᠮᠤᠵᠢ ᠣᠷᠣᠨ ᠵᠥᠪᠯᠡᠯᠴᠡᠭᠡᠷ ᠲᠣᠭᠲᠠᠵᠤ ᠬᠢᠯᠢ ᠳᠠᠭ᠋ᠠᠤ ᠣᠷᠣᠨ ᠪᠦᠰᠡ ᠵᠢᠨ ᠠᠮᠢ ᠠᠬᠤᠶ ᠵᠢᠨ ᠠᠮᠤᠷ ᠲᠦᠪᠰᠢᠨ᠎ᠢ ᠬᠠᠮᠲᠤᠪᠠᠷ ᠬᠠᠮᠠᠭ᠋ᠠᠯᠠᠪᠠ
ᠰᠢ ᠵᠢᠨ ᠫᠢᠩ ᠵᠧᠵᠢᠶᠠᠩ᠎ᠤᠨ ᠱᠣᠤᠰᠢᠩ ᠬᠤᠳᠠ᠎ᠳᠤ ᠰᠢᠨᠵᠢᠯᠡᠨ ᠪᠠᠶ᠋ᠢᠴᠠᠭ᠋ᠠᠪᠠ
ᠡᠯᠡᠰᠦᠷᠬᠡᠭᠵᠢᠯ᠎ᠢ ᠰᠡᠷᠭᠡᠶ᠋ᠢᠯᠡᠨ ᠡᠯᠡᠰᠦ ᠵᠢ ᠵᠠᠰᠠᠭᠰᠠᠨ ᠰᠢᠨ᠎ᠡ ᠭᠠᠶ᠋ᠢᠬᠠᠮᠰᠢᠭ᠎ᠢ ᠡᠭᠦᠳᠦᠨᠡᠮ
ᠮᠠᠯ ᠪᠡᠯᠴᠢᠭᠡᠷ᠎ᠤᠨ ᠲᠡᠩᠴᠡᠭᠦᠷᠢᠰᠢᠯ᠎ᠢ ᠠᠬᠢᠭᠤᠯᠵᠤ ᠲᠠᠯ᠎ᠠ ᠨᠤᠳᠤᠭ ᠵᠶ᠋ᠠᠨ ᠦᠨᠢᠳᠡ ᠦᠷᠬᠦᠯᠵᠢᠯᠡᠡ ᠠᠰᠢᠬᠯᠠᠨ᠎ᠠ
ᠲᠤᠮᠳᠠᠳᠤ ᠤᠯᠤᠰ᠎ᠤᠨ ᠠᠵᠢᠯᠴᠢᠨ᠎ᠤ ᠡᠪᠯᠡᠯ᠎ᠤᠨ ᠠᠷᠪᠠᠨ ᠨᠠᠢ᠍ᠮᠠᠳᠤᠭ᠋ᠠᠷ ᠤᠳᠠᠭ᠎ᠠ ᠵᠢᠨ ᠪᠦᠭᠦ ᠤᠯᠤᠰ᠎ᠤᠨ ᠲᠥᠯᠥᠭᠡᠯᠡᠭᠴᠢᠳ᠎ᠤᠨ ᠶᠡᠭᠡ ᠬᠤᠷᠠᠯ ᠪᠡᠭᠡᠵᠢᠩ᠎ᠳᠤ ᠡᠬᠢᠯᠡᠪᠡ ᠰᠢ ᠵᠢᠨ ᠫᠢᠩ ᠵᠤᠤ ᠯᠧ ᠵᠢᠢ ᠸᠠᠩ ᠬᠤ᠌ ᠨᠢᠩ ᠳ᠋ᠢᠩ ᠰᠢᠤᠸᠠᠢ ᠰᠢᠶᠠᠩ ᠯᠢ ᠰᠢ ᠬᠤᠷᠠᠯ᠎ᠳᠤ ᠣᠷᠣᠯᠴᠠᠵᠤ ᠪᠠᠶᠠᠷ ᠬᠦᠷᠭᠡᠵᠡᠢ ᠼᠠᠢ ᠴᠢ ᠨᠠᠮ᠎ᠤᠨ ᠲᠥᠪ ᠬᠤᠷᠢᠶ᠎ᠠ ᠵᠢᠨ ᠡᠮᠦᠨ᠎ᠡ᠎ᠠᠴᠠ ᠪᠠᠶᠠᠷ᠎ᠤᠨ ᠦᠭᠡ ᠬᠡᠯᠡᠪᠡ
 
             蒙ICP备05000248号