ᠰᠢᠨ᠎ᠡ ᠵᠢᠯ᠎ᠠᠴᠠ ᠡᠮᠤᠨᠡᠬᠡᠨ᠂ ᠤᠯᠤᠰ᠎ᠤᠨ ᠳᠡᠷᠢᠬᠦᠯᠡᠭᠴᠢ ᠰᠢ ᠵᠢᠨ ᠫᠢᠩ ᠳᠦᠪ᠎ᠤᠨ ᠷᠠᠳᠢᠣ᠋ ᠲᠧᠯᠸᠢᠰ᠎ᠤᠨ ᠶᠡᠷᠦᠩᠬᠡᠢ ᠬᠤᠷᠢᠶ᠎ᠠ ᠪᠤᠯᠤᠨ ᠢᠨᠲ᠋ᠧᠷ ᠰᠦᠯᠵᠢᠶ᠎ᠠ᠎ᠪᠠᠷ ᠳᠠᠮᠵᠢᠭᠤᠯᠤᠨ᠂ 2020 ᠤᠨ᠎ᠤ ᠰᠢᠨ᠎ᠡ ᠵᠢᠯ᠎ᠤᠨ ᠪᠠᠶᠠᠷ᠎ᠤᠨ ᠦᠬᠡ ᠨᠡᠶ᠋ᠢᠳᠡᠯᠡᠪᠡ᠃
![]()
ᠰᠢᠨᠬᠤᠸᠠ ᠬᠤᠷᠢᠶᠠᠨ᠎ᠤ ᠰᠤᠷᠪᠤᠯᠵᠢᠯᠠᠭᠴᠢ ᠵᠢᠤᠢ ᠫᠧᠩ ᠰᠡᠭᠦᠳᠡᠷᠯᠡᠪᠡ
ᠰᠢᠨᠬᠤᠸᠠ ᠬᠤᠷᠢᠶᠠᠨ᠎ᠤ ᠪᠡᠬᠡᠵᠢᠩ᠎ᠤᠨ 12 ᠰᠠᠷ᠎ᠠ ᠵᠢᠨ 31᠎ᠤ ᠴᠠᠬᠢᠯᠭ᠋ᠠᠨ ᠮᠡᠳᠡᠭᠡ ᠰᠢᠨ᠎ᠡ ᠵᠢᠯ᠎ᠠᠴᠠ ᠡᠮᠤᠨᠡᠬᠡᠨ᠂ ᠤᠯᠤᠰ᠎ᠤᠨ ᠳᠡᠷᠢᠬᠦᠯᠡᠭᠴᠢ ᠰᠢ ᠵᠢᠨ ᠫᠢᠩ ᠳᠦᠪ᠎ᠤᠨ ᠷᠠᠳᠢᠣ᠋ ᠲᠧᠯᠸᠢᠰ᠎ᠤᠨ ᠶᠡᠷᠦᠩᠬᠡᠢ ᠬᠤᠷᠢᠶ᠎ᠠ ᠪᠤᠯᠤᠨ ᠢᠨᠲ᠋ᠧᠷ ᠰᠦᠯᠵᠢᠶ᠎ᠠ᠎ᠪᠠᠷ ᠳᠠᠮᠵᠢᠭᠤᠯᠤᠨ᠂ 2020 ᠤᠨ᠎ᠤ ᠰᠢᠨ᠎ᠡ ᠵᠢᠯ᠎ᠤᠨ ᠪᠠᠶᠠᠷ᠎ᠤᠨ ᠦᠬᠡ ᠨᠡᠶ᠋ᠢᠳᠡᠯᠡᠪᠡ᠃ ᠪᠦᠬᠦ ᠠᠭᠤᠯᠭ᠎ᠠ᠎ᠨᠢ ᠳᠤᠤᠷᠠᠬᠢ ᠮᠡᠳᠤ᠄
2020 ᠣᠨ ᠤᠳᠠᠯ ᠦᠬᠡᠢ ᠬᠦᠷᠴᠤ ᠢᠷᠡᠬᠦ ᠪᠣᠯᠤᠯ᠎ᠠ᠂ ᠪᠢ ᠨᠡᠶ᠋ᠢᠰᠯᠡᠯ ᠪᠡᠭᠡᠵᠢᠩ᠎ᠠᠴᠠ ᠲᠠ ᠪᠦᠬᠦᠨ᠎ᠳᠤ ᠰᠢᠨ᠎ᠡ ᠵᠢᠯ᠎ᠤᠨ ᠰᠠᠶ᠋ᠢᠨ ᠰᠠᠶ᠋ᠢᠬᠠᠨ ᠬᠦᠰᠡᠯ ᠵᠥᠩᠨᠡᠯ ᠳᠡᠪᠰᠢᠭᠦᠯᠵᠦ ᠪᠠᠶ᠋ᠢᠨ᠎ᠠ!
2019 ᠣᠨ᠎ᠳᠤ᠂ ᠪᠢᠳᠡ ᠠᠷᠢᠭᠤᠨ ᠬᠥᠯᠥᠰᠥ᠎ᠪᠠᠨ ᠤᠷᠤᠰᠬᠠᠨ ᠦᠯᠡᠮᠵᠢ ᠠᠮᠵᠢᠯᠳᠠ ᠣᠯᠵᠤ᠂ ᠪᠣᠳᠠᠲᠠᠶ ᠠᠵᠢᠯᠯᠠᠨ ᠯᠠᠪᠳᠠᠭᠤᠨ ᠪᠠᠲᠤᠲᠠᠶ ᠤᠷᠤᠭᠰᠢᠯᠠᠪᠠ᠃ ᠴᠢᠨᠠᠷ ᠰᠠᠶ᠋ᠢᠲᠠᠶ ᠬᠥᠭᠵᠢᠯᠲᠡ ᠲᠣᠭᠲᠠᠭᠤᠨ ᠵᠶ᠋ᠠᠷ ᠠᠬᠢᠵᠤ᠂ ᠮᠠᠨ᠎ᠤ ᠤᠯᠤᠰ᠎ᠤᠨ ᠤᠯᠤᠰ᠎ᠤᠨ ᠳᠣᠲᠣᠭ᠋ᠠᠳᠤ ᠵᠢᠨ ᠦᠢᠯᠡᠳᠪᠦᠷᠢᠯᠡᠯ᠎ᠤᠨ ᠶᠡᠷᠦᠩᠬᠡᠶ ᠥᠷᠲᠡᠭ ᠵᠢᠱ᠌ᠢᠯᠲᠡ᠎ᠪᠠᠷ 100 ᠲᠦᠮᠡᠨ ᠳ᠋ᠦᠩᠰᠢᠭᠤᠷ ᠲᠥᠭᠦᠷᠢᠭ ᠰᠢᠬᠠᠮ ᠠᠷᠠᠳ᠎ᠤᠨ ᠵᠣᠭᠤᠰ᠎ᠲᠤ ᠬᠦᠷᠴᠦ᠂ ᠬᠥᠮᠦᠨ ᠳᠤᠮᠳᠠᠴᠢ᠎ᠪᠠᠷ 1 ᠲᠦᠮᠡᠨ ᠳ᠋ᠣᠯᠯᠠᠷ᠎ᠤᠨ ᠳᠡᠭᠲᠡᠷ᠎ᠲᠤ ᠭᠠᠷᠬᠤ ᠪᠣᠯᠤᠨ᠎ᠠ᠃ ᠭᠤᠷᠪᠠᠨ ᠶᠡᠭᠡ ᠪᠤᠭᠤᠮᠳᠠ ᠰᠢᠪᠳᠤᠯᠬᠤ ᠳᠠᠶ᠋ᠢᠯᠠᠯᠳᠤᠭ᠋ᠠᠨ ᠵᠠᠩᠭᠢᠯᠠᠭ᠎ᠠ ᠵᠢᠨ ᠠᠬᠢᠯᠲᠠ᠎ᠲᠠᠢ ᠪᠣᠯᠪᠠ᠃ ᠪᠡᠭᠡᠵᠢᠩ ᠲᠢᠶᠠᠨᠵᠢᠨ ᠾᠧᠪᠸᠢ ᠵᠢᠨ ᠬᠠᠮᠵᠢᠯᠴᠠᠬᠰᠠᠨ ᠬᠥᠭᠵᠢᠯᠲᠡ᠂ ᠬᠥᠬᠡᠮᠥ᠋ᠷᠡᠨ᠎ᠤ ᠠᠵᠤ ᠠᠬᠤᠢ ᠵᠢᠨ ᠪᠦᠰᠡ ᠵᠢᠨ ᠬᠥᠭᠵᠢᠯᠲᠡ᠂ ᠭᠤᠸᠠᠩᠳᠦ᠋ᠩ ᠰᠢᠶᠠᠩᠭ᠋ᠠᠩ ᠣᠣᠮᠧᠨ᠎ᠤ ᠲᠣᠮᠣ ᠪᠤᠯᠤᠩ᠎ᠤᠨ ᠣᠷᠣᠨ᠎ᠤ ᠪᠦᠲᠦᠭᠡᠨ ᠪᠠᠶ᠋ᠢᠭᠤᠯᠤᠯᠲᠠ᠂ ᠬᠥᠬᠡᠮᠥ᠋ᠷᠡᠨ᠎ᠤ ᠭᠤᠷᠪᠠᠯᠵᠢᠨ ᠬᠤᠶ᠋ᠢᠭ᠎ᠤᠨ ᠨᠢᠭᠡ ᠴᠣᠭᠴᠠᠵᠢᠭᠰᠠᠨ ᠬᠥᠭᠵᠢᠯᠲᠡ ᠲᠦᠷᠭᠡᠨ ᠠᠬᠢᠵᠤ᠂ ᠬᠠᠳᠤᠨ ᠭᠤᠤᠯ᠎ᠤᠨ ᠰᠠᠪᠠ ᠭᠠᠵᠠᠷ᠎ᠤᠨ ᠠᠮᠢ ᠠᠬᠤᠢ ᠵᠢᠨ ᠬᠠᠮᠠᠭ᠋ᠠᠯᠠᠯᠲᠠ ᠪᠠ ᠴᠢᠨᠠᠷ ᠰᠠᠶ᠋ᠢᠲᠠᠶ ᠬᠥᠭᠵᠢᠯᠲᠡ ᠤᠯᠤᠰ᠎ᠤᠨ ᠪᠠᠶ᠋ᠢᠯᠳᠤᠬᠤ ᠪᠣᠳᠣᠯᠭ᠎ᠠ ᠪᠣᠯᠵᠤ ᠲᠡᠪᠰᠢᠪᠡ᠃ ᠪᠦᠬᠦ ᠤᠯᠤᠰ᠎ᠤᠨ 340 ᠰᠢᠬᠠᠮ ᠶᠠᠳᠠᠭᠤ ᠬᠦᠴᠢᠷᠳᠡᠯᠲᠡᠶ ᠰᠢᠶᠠᠨ᠎ᠢ ᠶᠠᠳᠠᠭᠤ᠎ᠠᠴᠠ ᠠᠩᠭᠢᠵᠢᠷᠠᠭᠤᠯᠵᠤ᠂ 1000 ᠲᠦᠮᠨ ᠭᠠᠷᠤᠢ ᠬᠥᠮᠦᠨ᠎ᠢ ᠶᠠᠳᠠᠭᠤ᠎ᠠᠴᠠ ᠠᠩᠭᠢᠵᠢᠷᠠᠭᠤᠯᠪᠠ᠃ ᠴᠠᠩ ᠧ ᠳᠥᠷᠪᠡᠳᠦᠭᠡᠷ ᠨᠤᠮᠧᠷᠳᠤ ᠬᠥᠮᠦᠨ ᠲᠥᠷᠥᠯᠬᠢᠲᠡᠨ᠎ᠤ ᠲᠡᠤᠬᠡᠨᠡ ᠠᠩᠬ᠎ᠠ ᠤᠳᠠᠭ᠎ᠠ ᠰᠠᠷᠠᠨ ᠪᠥᠮᠪᠥᠷᠴᠡᠭ᠎ᠤᠨ ᠠᠷᠤ ᠲᠠᠯ᠎ᠠ᠎ᠳᠤ ᠪᠠᠭᠤᠵᠤ᠂ ᠴᠠᠩ ᠵᠧᠩ ᠲᠠᠪᠤᠳᠤᠭ᠋ᠠᠷ ᠨᠤᠮᠧᠷᠳᠤ ᠠᠯᠤᠰ ᠭᠤᠷᠪᠠ ᠬᠦᠯᠬᠡ ᠳᠡᠶ᠋ᠢᠷᠦᠯᠳᠤ ᠰᠤᠮᠤ ᠵᠢ ᠠᠮᠵᠢᠯᠲᠠ᠎ᠲᠠᠢ ᠬᠠᠷᠪᠤᠵᠤ᠂ ᠴᠠᠰᠤᠨ ᠯᠤᠤ ᠬᠤᠶᠠᠳᠤᠭ᠋ᠠᠷ ᠨᠤᠮᠧᠷᠳᠤ ᠡᠮᠤᠨᠡᠳᠤ ᠳᠦᠢ᠍ᠯ ᠵᠶ᠋ᠠᠷ ᠠᠩᠬ᠎ᠠ ᠠᠶᠠᠯᠠᠵᠥ᠂ ᠳᠣᠬᠢᠭᠤᠷ ᠳᠣᠯᠣᠭ᠋ᠠᠨ ᠣᠳᠣ ᠨᠡᠷᠡᠮᠵᠢᠲᠦ ᠠᠶᠠᠯᠠᠯ ᠵᠠᠮᠴᠢᠯᠠᠭ᠎ᠠ ᠵᠢᠨ ᠪᠦᠬᠦ ᠪᠥᠮᠪᠥᠷᠴᠡᠭ᠎ᠤᠨ ᠲᠣᠣᠷ ᠪᠦᠷᠢᠯᠳᠦᠭᠦᠯᠬᠦ ᠬᠤᠭᠤᠴᠠᠭ᠋ᠠᠨ᠎ᠳᠤ ᠣᠷᠣᠵᠤ᠂ 5G ᠬᠤᠳᠠᠯᠳᠤᠭ᠋ᠠᠨ᠎ᠤ ᠬᠡᠷᠡᠭᠯᠡᠭᠡ ᠲᠦᠷᠭᠡᠰᠴᠦ᠂ ᠪᠡᠭᠡᠵᠢᠩ᠎ᠤᠨ ᠳ᠋ᠠᠰᠢᠩ ᠣᠯᠠᠨ ᠤᠯᠤᠰ᠎ᠤᠨ ᠨᠢᠰᠬᠡᠯ᠎ᠤᠨ ᠪᠠᠭᠤᠳᠠᠯ 《ᠭᠠᠷᠤᠳᠢ ᠵᠢᠭᠦᠷ ᠵᠶ᠋ᠠᠨ ᠳᠡᠯᠭᠡᠪᠡ》 ᠁ ᠡᠳᠡᠭᠡᠷ ᠠᠮᠵᠢᠯᠲᠠ ᠪᠦᠲᠦᠮᠵᠢ᠎ᠳᠤ ᠰᠢᠨ᠎ᠡ ᠴᠠᠭ ᠦᠶ᠎ᠡ ᠵᠢᠨ ᠡᠷᠡᠯᠬᠡᠭᠯᠡᠨ ᠲᠡᠮᠡᠴᠡᠭᠰᠡᠳ᠎ᠤᠨ ᠤᠶᠤᠨ ᠤᠬᠠᠭ᠋ᠠᠨ᠂ ᠬᠦᠴᠦ ᠬᠥᠯᠥᠰᠥ ᠰᠢᠩᠭᠡᠵᠥ᠂ ᠶᠡᠷᠦ ᠪᠤᠰᠤ ᠵᠢᠨ ᠳᠤᠮᠳᠠᠳᠤ ᠤᠯᠤᠰ᠎ᠤᠨ ᠴᠤᠭ ᠵᠢᠪᠬᠤᠭ᠎ᠠ᠂ ᠳᠤᠮᠳᠠᠳᠤ ᠤᠯᠤᠰ᠎ᠤᠨ ᠬᠦᠴᠦᠨ ᠴᠢᠳᠠᠯ᠎ᠢ ᠢᠯᠡᠷᠡᠭᠦᠯᠵᠠᠢ᠃
ᠨᠢᠭᠡ ᠵᠢᠯ᠎ᠤᠨ ᠲᠤᠷᠰᠢ᠂ ᠥᠭᠡᠷᠡᠴᠢᠯᠡᠯᠲᠡ ᠨᠡᠭᠡᠭᠡᠯᠲᠡ᠎ᠨᠢ ᠬᠥᠭᠵᠢᠯᠲᠡ ᠵᠢᠨ ᠠᠮᠢᠵᠢᠷᠠᠯ᠎ᠤᠨ ᠬᠦᠴᠦᠨ᠎ᠢ ᠲᠠᠰᠤᠷᠠᠯᠲᠠ ᠦᠭᠡᠢ ᠬᠦᠭᠵᠢᠭᠡᠪᠡ᠃ ᠨᠠᠮ ᠪᠠ ᠲᠥᠷᠦ ᠵᠢᠨ ᠪᠠᠶ᠋ᠢᠭᠤᠯᠤᠮᠵᠢ ᠵᠢᠨ ᠥᠭᠡᠷᠡᠴᠢᠯᠡᠯᠲᠡ ᠵᠢ ᠲᠡᠭᠦᠰ ᠠᠮᠵᠢᠯᠲᠠ᠎ᠲᠠᠢ ᠪᠡᠶᠡᠯᠡᠭᠦᠯᠪᠡ᠃ ᠨᠢᠭᠡ ᠪᠦᠯᠦᠭ ᠴᠢᠯᠥᠭᠡᠲᠦ ᠠᠷᠠᠯᠵᠢᠶᠠᠨ᠎ᠤ ᠲᠤᠷᠰᠢᠯᠲᠠ ᠵᠢᠨ ᠣᠷᠣᠨ ᠪᠠ ᠱᠠᠩᠬᠠᠶ ᠵᠢᠨ ᠴᠢᠯᠥᠭᠡᠲᠦ ᠠᠷᠠᠯᠵᠢᠶᠠᠨ᠎ᠤ ᠲᠤᠷᠰᠢᠯᠲᠠ ᠵᠢᠨ ᠣᠷᠣᠨ᠎ᠤ ᠰᠢᠨ᠎ᠡ ᠣᠷᠣᠨ᠎ᠢ ᠨᠡᠮᠡᠵᠦ ᠪᠠᠶ᠋ᠢᠭᠤᠯᠪᠠ᠃ ᠰᠢᠨᠵᠢᠯᠡᠬᠦ ᠤᠬᠠᠭ᠋ᠠᠨ ᠲᠧᠭᠨᠢᠢ᠍ᠡ ᠮᠡᠷᠭᠡᠵᠢᠯ᠎ᠤᠨ ᠰᠢᠨ᠎ᠡ ᠡᠭᠦᠳᠦᠯᠳᠡ ᠵᠢᠨ ᠰᠲ᠋ᠤᠺ᠎ᠢ ᠤᠷᠤᠭᠰᠢᠲᠠᠶ᠎ᠪᠠᠷ ᠵᠠᠬ᠎ᠠ ᠲᠡᠯᠭᠡᠭᠦᠷ᠎ᠲᠤ ᠭᠠᠷᠭ᠋ᠠᠵᠤ ᠠᠷᠠᠯᠵᠢᠶᠠᠯᠠᠬᠤ ᠵᠢ ᠠᠬᠢᠭᠤᠯᠪᠠ᠃ ᠭᠠᠶ᠋ᠢᠯᠢ ᠵᠢ ᠪᠠᠭ᠋ᠠᠰᠬᠠᠵᠥ ᠰᠦᠢ᠍ᠳᠬᠡᠯ᠎ᠢ ᠪᠠᠭᠤᠷᠠᠭᠤᠯᠤᠬᠰᠠᠨ ᠶᠡᠷᠦᠩᠬᠡᠶ ᠬᠡᠮᠵᠢᠶ᠎ᠡ 2 ᠲᠦᠮᠡᠨ ᠳ᠋ᠦᠩᠰᠢᠭᠤᠷ ᠲᠥᠭᠦᠷᠢᠭ᠎ᠢ ᠳᠠᠪᠠᠪᠠ᠃ ᠬᠤᠪᠢ ᠬᠥᠮᠦᠨ᠎ᠤ ᠤᠷᠤᠯᠭ᠎ᠠ ᠵᠢᠨ ᠭᠠᠶ᠋ᠢᠯᠢ ᠲᠠᠲᠠᠪᠤᠷᠢᠯᠠᠬᠤ ᠴᠡᠭ ᠳᠡᠭᠡᠭᠰᠢᠯᠡᠵᠦ᠂ ᠠᠷᠠᠳ ᠣᠯᠠᠨ᠎ᠤ ᠦᠷᠭᠦᠯᠵᠢ ᠬᠡᠷᠡᠭᠯᠡᠳᠡᠭ ᠮᠠᠰᠢ ᠣᠯᠠᠨ ᠡᠮ᠎ᠤᠨ ᠵᠦᠢᠯᠡᠰ᠎ᠤᠨ ᠦᠨ᠎ᠡ ᠬᠢᠮᠳᠠᠷᠠᠵᠤ᠂ ᠰᠦᠯᠵᠢᠶᠡᠨ᠎ᠤ ᠬᠤᠷᠳᠤᠴᠠ ᠵᠢ ᠳᠦᠷᠬᠡᠳᠬᠡᠨ ᠰᠦᠢ᠍ᠳᠬᠡᠯ᠎ᠢ ᠪᠠᠭᠤᠷᠠᠭᠤᠯᠵᠥ ᠳᠡᠯᠬᠡᠴᠡ ᠵᠢ ᠨᠡᠩ ᠲᠦᠷᠭᠡᠨ ᠰᠢᠨᠡᠳᠬᠡᠬᠦ ᠪᠣᠯᠵᠤ᠂ ᠬᠤᠭ ᠨᠣᠪᠰᠢ ᠵᠢ ᠲᠥᠷᠥᠯ ᠬᠤᠪᠢᠶᠠᠬᠤ ᠠᠵᠢᠯᠯᠠᠭ᠎ᠠ᠎ᠨᠢ ᠨᠡᠭᠦᠷᠡᠰᠦᠲᠥ᠋ᠷᠥᠭᠴᠢ ᠪᠠᠭ᠎ᠠ ᠠᠮᠢᠳᠤᠷᠠᠯ᠎ᠤᠨ ᠰᠢᠨ᠎ᠡ ᠴᠠᠭ ᠦᠶ᠎ᠡ ᠵᠢ ᠬᠥᠲᠥᠯᠥᠨ ᠳᠠᠭ᠋ᠠᠭᠤᠯᠪᠠ᠃ 《ᠦᠨᠳᠦᠰᠦᠨ ᠱᠠᠲᠤᠨ᠎ᠤ ᠳᠠᠷᠤᠭ᠋ᠠᠰᠤ ᠵᠢ ᠬᠥᠩᠭᠡᠷᠡᠭᠦᠯᠬᠦ ᠣᠨ》᠎ᠤ ᠠᠵᠢᠯᠯᠠᠭ᠎ᠠ᠎ᠨᠢ ᠦᠨᠳᠦᠰᠦᠨ ᠱᠠᠲᠤᠨ᠎ᠤ ᠺᠠᠳ᠋ᠷ᠎ᠤᠨ ᠲᠠᠷᠤᠭ᠋ᠠᠰᠤ ᠵᠢ ᠬᠦᠡᠭᠭᠡᠷᠡᠭᠦᠯᠪᠡ᠃ ᠬᠤᠪᠢᠯᠭ᠋ᠠᠨ ᠣᠷᠣᠨ᠎ᠤ ᠡᠬᠡ ᠭᠠᠵᠠᠷ᠎ᠢ ᠬᠠᠷᠠᠭ᠎ᠠ ᠰᠤᠩᠭ᠋ᠠᠨ ᠪᠠᠷᠠᠯᠠᠬᠤᠶ᠎ᠠ᠂ ᠰᠠᠷᠠᠭᠤᠯ ᠠᠭᠤᠳᠠᠮ ᠨᠤᠳᠤᠬ᠎ᠲᠤ ᠰᠢᠨ᠎ᠡ ᠬᠤᠪᠢᠷᠠᠯᠲᠠ ᠰᠢᠨ᠎ᠡ ᠳᠦᠷᠰᠤ ᠪᠠᠶ᠋ᠢᠳᠠᠯ ᠵᠶ᠋ᠠᠷ ᠪᠢᠯᠬᠠᠨ᠎ᠠ᠃
ᠨᠢᠭᠡ ᠵᠢᠯ᠎ᠤᠨ ᠲᠤᠷᠰᠢ᠂ ᠤᠯᠤᠰ᠎ᠤᠨ ᠪᠠᠲᠤᠯᠠᠨ ᠬᠠᠮᠠᠭ᠋ᠠᠯᠠᠯᠲᠠ ᠪᠠ ᠴᠡᠷᠢᠭ ᠠᠩᠭᠢ ᠵᠢᠨ ᠥᠭᠡᠷᠡᠴᠢᠯᠡᠯᠲᠡ ᠯᠠᠪᠳᠠᠭᠤᠨ ᠪᠠᠲᠤᠲᠠᠶ ᠠᠬᠢᠵᠤ᠂ ᠠᠷᠠᠳ᠎ᠤᠨ ᠴᠡᠷᠢᠭ ᠠᠩᠭᠢ ᠰᠢᠨ᠎ᠡ ᠴᠠᠭ ᠦᠶ᠎ᠡ ᠵᠢᠨ ᠴᠡᠷᠢᠭ᠎ᠢ ᠬᠦᠴᠦᠷᠬᠡᠭᠵᠢᠭᠦᠯᠬᠦ ᠰᠢᠨ᠎ᠡ ᠳᠦᠷᠢ ᠪᠠᠶ᠋ᠢᠳᠠᠯ᠎ᠢ ᠢᠯᠡᠷᠡᠭᠦᠯᠪᠡ᠃ ᠪᠢᠳᠡ ᠤᠯᠤᠰ᠎ᠤᠨ ᠪᠠᠶᠠᠷ᠎ᠤᠨ ᠴᠡᠷᠢᠭ᠎ᠤᠨ ᠵᠢᠬᠰᠠᠭ᠋ᠠᠯ ᠰᠢᠯᠭ᠋ᠠᠨ ᠦᠵᠡᠬᠦ ᠶᠣᠰᠣᠯᠠᠯ ᠶᠠᠪᠤᠭᠤᠯᠵᠤ᠂ ᠳᠠᠯᠠᠢ ᠵᠢᠨ ᠴᠡᠷᠢᠭ᠂ ᠠᠭ᠋ᠠᠷ᠎ᠤᠨ ᠴᠡᠷᠢᠭ ᠪᠠᠶ᠋ᠢᠭᠤᠯᠤᠭᠳᠠᠭᠰᠠᠨ 70 ᠵᠢᠯ᠎ᠤᠨ ᠤᠢ ᠵᠢ ᠪᠡᠯᠭᠡᠯᠡᠬᠦ ᠠᠵᠢᠯᠯᠠᠭ᠎ᠠ ᠦᠷᠨᠢᠬᠦᠯᠵᠥ᠂ ᠳᠣᠯᠣᠳᠤᠭ᠋ᠠᠷ ᠬᠤᠭᠤᠴᠠᠭ᠋ᠠᠨ᠎ᠤ ᠳᠡᠯᠡᠬᠡᠶ ᠵᠢᠨ ᠴᠡᠷᠢᠭ ᠬᠦᠮᠦᠨ᠎ᠤ ᠲᠠᠮᠢᠷ᠎ᠤᠨ ᠴᠤᠭᠯᠠᠭ᠋ᠠᠨ᠎ᠢ ᠡᠷᠬᠢᠯᠡᠪᠡ᠃ ᠠᠩᠬᠠᠳᠠᠭᠴᠢ ᠨᠢᠰᠬᠡᠯ᠎ᠤᠨ ᠰᠠᠭᠤᠷᠢ ᠣᠩᠭᠤᠴᠠ ᠵᠢ ᠵᠢᠩᠬᠢᠨᠢ᠎ᠪᠠᠷ ᠲᠤᠰᠢᠶᠠᠵᠤ ᠦᠭᠪᠡ᠃ ᠠᠷᠠᠳ ᠲᠦᠮᠡᠨ᠎ᠤ ᠬᠡᠤᠬᠡᠳ ᠳᠡᠭᠦᠤ ᠨᠡᠷ ᠴᠡᠷᠢᠭ ᠪᠣᠯ ᠬᠡᠵᠢᠶᠡᠳᠡ ᠡᠬᠡ ᠤᠯᠤᠰ ᠵᠶ᠋ᠠᠨ ᠪᠠᠳᠤᠯᠠᠨ ᠬᠠᠮᠠᠭ᠋ᠠᠯᠠᠬᠤ ᠬᠠᠳᠠᠨ ᠪᠠᠲᠤ ᠤᠷᠲᠤ ᠴᠠᠭ᠋ᠠᠨ ᠬᠡᠷᠡᠮ ᠮᠥᠨ᠂ ᠪᠢᠳᠡ ᠭᠡᠷ ᠣᠷᠣᠨ ᠵᠶ᠋ᠠᠨ ᠰᠠᠬᠢᠨ ᠬᠠᠮᠠᠭ᠋ᠠᠯᠠᠵᠤ ᠪᠠᠢ᠌ᠢᠭᠠ ᠰᠢᠳᠤᠷᠭᠤ ᠬᠠᠮᠠᠭ᠋ᠠᠯᠠᠭᠴᠢᠳ᠎ᠲᠠᠭᠠᠨ ᠮᠡᠨᠳᠦᠴᠢᠯᠡᠯ ᠳᠡᠪᠰᠢᠭᠦᠯᠦᠶ᠎ᠡ!
2019 ᠤᠨ᠎ᠤ ᠬᠠᠮᠤᠭ᠎ᠤᠨ ᠮᠠᠷᠲᠠᠭᠲᠠᠰᠢ ᠦᠭᠡᠢ ᠶᠠᠪᠤᠳᠠᠯ ᠭᠡᠪᠡᠯ ᠰᠢᠨ᠎ᠠ ᠲᠤᠮᠲᠠᠲᠤ ᠤᠯᠤᠰ ᠪᠠᠶ᠋ᠢᠭᠤᠯᠤᠭᠲᠠᠭᠰᠠᠠ 70 ᠵᠢᠯ᠎ᠤᠨ ᠤᠢ ᠵᠢ ᠦᠪᠡᠲᠡᠭᠰᠢ ᠶᠡᠭᠡ᠎ᠪᠠᠷ ᠪᠡᠯᠭᠡᠯᠡᠭᠰᠡᠨ ᠶᠠᠪᠤᠳᠠᠯ ᠪᠤᠯᠤᠨ᠎ᠠ᠃ ᠪᠢᠲᠠ ᠪᠦᠬᠦᠲᠡ ᠨᠠᠢ᠌ᠷᠠᠮᠲᠠᠬᠤ ᠤᠯᠤᠰ᠎ᠤᠨ ᠵᠶ᠋ᠠᠨ 70 ᠵᠢᠯ᠎ᠤᠨ ᠭᠡᠷᠡᠯ ᠰᠠᠴᠤᠷᠠᠩᠭᠤᠢ ᠠᠮᠵᠢᠯᠲᠠ᠎ᠳᠤ ᠤᠤᠬᠠᠢ᠌ᠢ᠍ᠯᠠᠠ ᠤᠮᠤᠭᠰᠢᠵᠦ᠂ ᠤᠯᠤᠰ ᠵᠶ᠋ᠠᠨ ᠬᠠᠶ᠋ᠢᠷᠠᠯᠠᠬᠤ ᠦᠵᠡᠯ᠎ᠤᠨ ᠡᠷᠴᠢᠮᠯᠢᠭ ᠬᠦᠴᠤᠨ᠎ᠳᠤ ᠰᠡᠳᠭᠢᠯ ᠲᠤᠭᠲᠤᠯᠵᠤ ᠪᠠᠶ᠋ᠢᠨ᠎ᠠ᠃ ᠴᠡᠷᠢᠭ᠎ᠤᠨ ᠵᠢᠬᠰᠠᠭ᠋ᠠᠯ᠎ᠤᠨ ᠰᠢᠯᠭ᠋ᠠᠯᠳᠠ᠎ᠳᠤ ᠤᠷᠤᠯᠴᠠᠬᠰᠠᠨ ᠵᠢᠭᠰᠠᠭ᠋ᠠᠯ᠎ᠤᠨ ᠡᠩᠨᠡᠭᠡ ᠰᠦᠷ ᠵᠢᠪᠬᠤᠭ᠎ᠠ᠎ᠲᠠᠢ᠂ ᠤᠯᠠᠠ ᠲᠦᠮᠡᠡ᠎ᠤ ᠵᠢᠭᠰᠠᠭ᠋ᠠᠯ ᠤᠷᠭᠢᠯᠤᠮ᠎ᠠ ᠰᠡᠳᠭᠢᠯᠭᠡ᠎ᠲᠠᠢ᠂ ᠲᠢᠶᠠᠠ ᠠᠠ ᠮᠸᠠ ᠠᠭᠤᠲᠠᠮ ᠲᠠᠯᠠᠪᠠᠢ ᠪᠠᠶᠠᠷ᠎ᠤᠨ ᠲᠠᠯᠠᠢ ᠪᠤᠯᠤᠨ ᠴᠠᠯᠬᠢᠯᠠᠵᠠᠢ᠃ ᠬᠦᠬᠡᠮᠦ᠋ᠷᠠᠠᠤ ᠡᠮᠦᠨ᠎ᠠ ᠤᠮᠠᠷ᠎ᠠ ᠤᠯᠠᠭ᠋ᠠᠠ ᠦᠩᠭᠡ᠎ᠪᠠᠷ ᠴᠢᠮᠡᠭᠯᠡᠭᠳᠡᠵᠤ᠂ ᠬᠦᠮᠦᠰ᠎ᠤᠨ ᠴᠢᠷᠠᠢ᠎ᠳᠤ ᠤᠮᠤᠭᠰᠢᠯ᠎ᠲᠦ ᠮᠦᠰᠢᠶᠡᠳᠦ ᠲᠤᠳᠤᠷᠠᠵᠤ ᠪᠠᠶ᠋ᠢᠯ᠎ᠠ᠂ 《ᠪᠢ ᠡᠭᠡ ᠤᠯᠤᠰ᠎ᠲᠠᠢ᠎ᠪᠠᠨ》 ᠭᠡᠬᠦ ᠲᠠᠭᠤᠤ ᠵᠢ ᠵᠡᠭᠡᠯᠢ ᠭᠤᠲᠤᠮᠵᠢ ᠲᠠᠶᠠᠭ᠋ᠠᠷ ᠲᠠᠭᠤᠯᠠᠵᠠᠭ᠋ᠠᠨᠠ᠃ ᠤᠯᠤᠰ ᠵᠶ᠋ᠠᠨ ᠬᠠᠶ᠋ᠢᠷᠠᠯᠠᠬᠤ ᠦᠵᠡᠯ᠎ᠤᠨ ᠬᠠᠶ᠋ᠢᠷ᠎ᠠ ᠰᠡᠳᠭᠢᠯᠭᠡ᠎ᠨᠢ ᠪᠢᠳᠡᠨ᠎ᠢ ᠬᠠᠯᠠᠭᠤᠨ ᠨᠢᠯᠪᠤᠰᠤ ᠠᠰᠬᠠᠷᠠᠭᠤᠯᠵᠤ᠂ ᠤᠯᠤᠰ ᠵᠶ᠋ᠠᠨ ᠬᠠᠶ᠋ᠢᠷᠠᠯᠠᠬᠤ ᠦᠵᠡᠯ᠎ᠤᠨ ᠵᠤᠷᠢᠭ ᠰᠠᠨᠠᠭ᠎ᠠ᠎ᠨᠢ ᠦᠨᠲᠦᠰᠦᠲᠠᠠ᠎ᠤ ᠨᠢᠷᠤᠭᠤ ᠲᠤᠯᠭ᠋ᠠᠭᠤᠷᠢ ᠵᠢ ᠴᠤᠬ᠍ᠴᠠᠯᠠᠪᠠ᠃ ᠡᠨᠡ ᠪᠦᠬᠦᠨ᠎ᠨᠢ ᠰᠢᠨ᠎ᠠ ᠲᠤᠮᠲᠠᠲᠤ ᠤᠯᠤᠰ ᠵᠶ᠋ᠠᠨ ᠮᠠᠭᠲᠠᠨ ᠲᠠᠭᠤᠯᠠᠵᠤ᠂ ᠰᠢᠨ᠎ᠠ ᠴᠠᠭ ᠦᠶ᠎ᠠ᠎ᠳᠤ ᠡᠷᠡᠯᠬᠡᠭᠯᠡᠨ ᠲᠡᠮᠡᠴᠡᠬᠦ ᠤᠷᠤᠭᠰᠢᠯᠠᠯᠲᠠ ᠵᠢᠨ ᠬᠦᠴᠤ᠎ᠲᠦ ᠤᠷᠤᠰᠬᠠᠯ ᠪᠤᠯᠤᠨ ᠨᠢᠬᠳᠠᠷᠠᠵᠤ᠂ ᠪᠢᠳᠡᠨ᠎ᠳᠤ ᠬᠢᠵᠠᠭ᠋ᠠᠯᠠᠰᠢ ᠦᠭᠡᠢ ᠬᠦᠴᠤ ᠨᠡᠮᠡᠷᠢᠯᠡᠭᠰᠡᠡ ᠪᠠᠶ᠋ᠢᠨ᠎ᠠ᠃
ᠨᠢᠭᠡ ᠵᠢᠯ᠎ᠤᠨ ᠲᠤᠷᠰᠢ᠂ ᠪᠢ ᠴᠦᠭᠡᠡ ᠪᠤᠰᠤ ᠭᠠᠵᠠᠷ ᠵᠶ᠋ᠠᠷ ᠶᠠᠪᠤᠯ᠎ᠠ᠂ ᠰᠢᠶᠦ᠋ᠩ ᠠᠠ ᠰᠢᠨ᠎ᠠ ᠲᠤᠭᠤᠷᠢᠭ᠎ᠤᠨ ᠵᠢᠷᠤᠭ ᠲᠦᠰᠦᠪ ᠠᠯᠭᠤᠷᠬᠠᠠ ᠲᠡᠯᠭᠡᠭᠲᠡᠵᠦ᠂ ᠲᠢᠶᠠᠠᠵᠢᠨ ᠭᠠᠷᠠᠮ ᠦᠷᠨᠢᠭᠦᠨ ᠬᠦᠭᠵᠢᠯᠳᠡ᠎ᠲᠠᠢ ᠪᠤᠯᠵᠤ᠂ ᠪᠡᠭᠡᠵᠢᠩ ᠬᠤᠲᠠ ᠵᠢᠨ ᠲᠡᠳ᠋ ᠲᠦᠪ ᠠᠮᠢᠵᠢᠷᠠᠯ᠎ᠤᠨ ᠬᠦᠴᠤᠨ ᠵᠶ᠋ᠠᠷ ᠪᠢᠯᠬᠠᠵᠤ᠂ ᠦᠪᠦᠷ ᠮᠤᠩᠭᠤᠯ᠎ᠤᠨ ᠲᠠᠯ᠎ᠠ ᠨᠤᠲᠤᠭ ᠦᠵᠡᠰᠭᠦᠯᠡᠩᠲᠦ ᠰᠠᠶ᠋ᠢᠬᠠᠠ ᠪᠤᠯᠵᠦ᠂ ᠬᠠᠲᠤᠨ ᠭᠤᠤᠯ᠎ᠤᠨ ᠪᠠᠷᠠᠭᠤᠨ ᠬᠦᠨᠲᠠᠢ ᠮᠢᠩᠭ᠋ᠠᠠ ᠤᠨ᠎ᠢ ᠲᠤᠭᠤᠯᠵᠦ᠂ ᠦᠨᠢ ᠤᠲᠠᠭ᠋ᠠᠠᠤ ᠲᠡᠤᠬᠡᠠᠳᠤ ᠰᠢᠨ᠎ᠠ ᠠᠭᠤᠯᠭ᠎ᠠ ᠨᠡᠮᠡᠷᠢᠯᠡᠨ᠂ ᠮᠤᠷᠤᠯᠵᠠᠠ ᠤᠷᠤᠰᠬᠤ ᠬᠠᠲᠤᠨ ᠭᠤᠤᠯ᠎ᠤᠨ ᠠᠭ᠋ᠠᠷ᠎ᠨᠢ ᠲᠤᠩᠭ᠋ᠠᠯᠠᠭ ᠤᠰᠤ᠎ᠨᠢ ᠬᠦᠨ ᠴᠡᠩᠬᠡᠷᠯᠡᠵᠤ᠂ ᠬᠦᠴᠦᠳᠦ ᠲᠤᠯᠭᠢᠶᠠᠨ ᠬᠠᠶᠠᠯᠠᠨ᠎ᠠ᠂ ᠬᠤᠸᠠᠩ ᠫᠦ᠋ ᠵᠢᠶᠠᠩ ᠮᠦᠷᠠᠠᠤ ᠬᠤᠶᠠᠷ ᠬᠦᠪᠡᠭᠡ᠎ᠪᠠᠷ ᠪᠠᠶᠠᠨ ᠲᠠᠩᠰᠤᠬ ᠠᠮᠢᠳᠤᠷᠠᠯ᠎ᠤᠨ ᠡᠭᠡᠰᠢᠭ ᠴᠤᠤᠷᠢᠶᠠᠳᠤᠨ᠎ᠠ ᠁ ᠡᠭᠡ ᠤᠯᠤᠰ᠎ᠤᠨ ᠨᠤᠳᠤᠬ ᠲᠡᠪᠢᠰᠭᠡᠷ᠎ᠲᠤ ᠦᠷᠨᠢᠩᠭᠦᠢ ᠬᠦᠭᠵᠢᠯ᠎ᠤᠨ ᠦᠵᠡᠮᠵᠢ ᠪᠠᠶ᠋ᠢᠲᠠᠯ ᠪᠢᠯᠬᠠᠵᠤ ᠪᠠᠶ᠋ᠢᠯ᠎ᠠ᠃ ᠪᠢ ᠲᠤᠮᠲᠠᠲᠤ ᠤᠯᠤᠰ᠎ᠤᠨ ᠬᠤᠪᠢᠰᠬᠠᠯ᠎ᠤᠨ ᠠᠶᠠᠠ ᠲᠠᠶ᠋ᠢᠨ᠎ᠤ ᠵᠠᠮ ᠵᠶ᠋ᠠᠷ ᠤᠭ ᠰᠠᠨᠠᠭ᠎ᠠ᠎ᠪᠠᠨ ᠲᠠᠪᠳᠠᠨ ᠪᠤᠯᠪᠠᠰᠤᠷᠠᠭᠤᠯᠵᠤ ᠶᠠᠪᠤᠯ᠎ᠠ᠃ ᠵᠢᠶᠠᠩᠰᠢ ᠵᠢᠨ ᠢᠤᠢ ᠳ᠋ᠦ᠋ ᠵᠢᠨ ᠤᠯᠠᠭ᠋ᠠᠠ ᠴᠡᠷᠢᠭ᠎ᠤᠨ ᠤᠷᠲᠤ ᠵᠠᠮ᠎ᠤᠨ ᠠᠶᠠᠠ ᠲᠠᠶ᠋ᠢᠨ᠎ᠳᠤ ᠴᠤᠭᠯᠠᠷᠠᠵᠤ ᠮᠤᠷᠲᠠᠭᠰᠠᠠ ᠭᠠᠵᠠᠷ᠎ᠠᠴᠠ ᠡᡁᠧᠨᠠᠠᠤ ᠰᠢᠨᠰᠢᠶᠠᠠᠳᠠᠬᠢ ᠬᠤᠪᠸᠢ ᠾᠧᠨᠠᠨ ᠠᠠᡁᠦ᠋ᠢ ᠵᠢᠨ ᠰᠤᠪᠢᠶᠠᠳ ᠤᠷᠤᠨ᠎ᠤ ᠲᠦᠪ ᠬᠤᠲᠠ ᠵᠢᠨ ᠬᠤᠪᠢᠰᠬᠠᠯ᠎ᠤᠨ ᠮᠦᠽᠸᠢ᠎ᠳᠤ ᠬᠦᠷᠤᠯ᠎ᠠ᠂ ᠭᠠᠨᠰᠤ ᠵᠢᠨ ᠭᠤᠤᠲ᠋ᠠᠢᠳᠠᠬᠢ ᠪᠠᠷᠠᠭᠤᠨ ᠵᠠᠮ᠎ᠤᠨ ᠴᠡᠷᠢᠭ᠎ᠤᠨ ᠲᠤᠷᠠᠰᠬᠠᠯ᠎ᠤᠨ ᠬᠦᠰᠢᠶ᠎ᠠ᠎ᠠᠴᠠ ᠪᠡᠭᠡᠵᠢᠩ᠎ᠤᠨ ᠰᠢᠶᠠᠩᠱ᠌ᠠᠠᠤ ᠬᠤᠪᠢᠰᠬᠠᠯ᠎ᠤᠨ ᠲᠤᠷᠠᠰᠬᠠᠯ᠎ᠤᠨ ᠭᠠᠵᠠᠷ᠎ᠲᠤ ᠬᠦᠷᠤᠯ᠎ᠠ᠂ ᠬᠦᠷᠦᠭᠰᠡᠡ ᠭᠠᠵᠠᠷ ᠪᠤᠯᠭ᠋ᠠᠠ᠎ᠨᠢ ᠨᠠᠲᠠ ᠤᠯᠠᠠ ᠶᠠᠭᠤᠮ᠎ᠠ ᠵᠢ ᠪᠤᠲᠤᠬᠳᠠᠭᠤᠯᠵᠠᠢ᠃ ᠤᠭ ᠰᠠᠨᠠᠭ᠎ᠠ ᠪᠤᠯᠤᠠ ᠡᠬᠦᠷᠭᠡ ᠬᠠᠷᠢᠭᠤᠴᠠᠯᠭ᠎ᠠ ᠪᠤᠯ ᠪᠢᠳᠡᠨ᠎ᠤ ᠰᠢᠨ᠎ᠠ ᠴᠠᠭ ᠦᠶ᠎ᠠ ᠵᠢᠨ ᠤᠷᠲᠤ ᠵᠠᠮ᠎ᠤᠨ ᠠᠶᠠᠠ ᠲᠠᠶ᠋ᠢᠨ᠎ᠢ ᠰᠠᠶ᠋ᠢᠳᠤᠷ ᠠᠶᠠᠯᠠᠬᠤ ᠬᠢᠵᠠᠭ᠋ᠠᠯᠠᠰᠢ ᠦᠭᠡᠢ ᠬᠦᠲᠡᠯᠭᠡᠬᠦ ᠬᠦᠴᠤᠨ ᠮᠦᠨ᠃
ᠦᠩᠭᠡᠷᠡᠭᠰᠡᠡ᠎ᠲᠠᠢ ᠠᠲᠠᠯᠢ᠎ᠪᠠᠷ᠂ ᠪᠢ ᠭᠡᠲᠦᠢ ᠶᠠᠭ᠋ᠠᠷᠠᠤ ᠪᠠᠶ᠋ᠢᠭᠰᠠᠠ ᠴᠤ᠌᠂ ᠴᠠᠭ ᠭᠠᠷᠭ᠋ᠠᠵᠦ ᠨᠤᠲᠤᠭ᠎ᠤᠨ ᠠᠬ᠎ᠠ ᠲᠡᠭᠦᠦ ᠨᠠᠷ᠎ᠤᠨ ᠲᠤᠮᠲᠠ ᠬᠦᠷᠴᠤ ᠡᠷᠬᠢᠨ ᠦᠵᠡᠲᠡᠭ ᠪᠠᠶ᠋ᠢᠯ᠎ᠠ᠃ ᠤᠯᠠᠠ ᠵᠶ᠋ᠠᠷ ᠵᠶ᠋ᠠᠨ ᠨᠠᠲᠠ ᠰᠡᠳᠭᠢᠯ᠎ᠤᠨ ᠦᠭᠡ᠎ᠪᠠᠨ ᠤᠯᠠᠠ ᠶᠠᠷᠢᠭᠰᠠᠠ᠂ ᠪᠢ ᠰᠡᠳᠭᠢᠯ᠎ᠳᠡᠭᠡᠨ ᠪᠤᠳᠤᠬᠰᠠᠭ᠋ᠠᠷ ᠪᠤᠢ᠃ ᠶᠦᠨᠨᠠᠠᠤ ᠬᠦᠩ ᠰᠢᠶᠠᠠ᠎ᠤ ᠳ᠋ᠦᠯᠦ᠋ᠩ ᠦᠨᠲᠦᠰᠦᠲᠡᠡ᠎ᠤ ᠤᠯᠠᠠ ᠲᠦᠮᠡᠡ᠂ ᠹᠦᠵᠢᠶᠠᠠᠤ ᠱᠸᠤ ᠨᠢᠩ ᠰᠢᠶᠠᠠ᠎ᠤ ᠰᠢᠶᠠ ᠳ᠋ᠠᠩ ᠰᠢᠶᠠᠩ᠎ᠤᠨ ᠠᠬ᠎ᠠ ᠲᠡᠭᠦᠦ ᠨᠠᠷ᠂ 《ᠸᠠᠩ ᠵᠢᠶᠧ ᠵᠢᠨ ᠠᠩᠭᠢ》 ᠵᠢᠨ ᠪᠦᠬᠦ ᠪᠠᠶ᠋ᠢᠯᠲᠤᠭᠴᠢ᠂ ᠪᠡᠭᠡᠵᠢᠩ᠎ᠤᠨ ᠪᠡᠶ᠎ᠡ ᠵᠢᠨ ᠲᠠᠮᠢᠷ᠎ᠤᠨ ᠶᠡᠭᠡ ᠰᠤᠷᠭ᠋ᠠᠭᠤᠯᠢ ᠵᠢᠨ ᠠᠰᠫᠢᠷᠠᠠᠲ᠎ᠤᠨ ᠮᠠᠩᠯᠠᠶ᠋ᠢᠴᠤᠤᠯᠤᠨ ᠠᠩᠭᠢ ᠵᠢᠨ ᠬᠠᠮᠲᠤ ᠰᠤᠷᠤᠭᠴᠢᠳ᠂ ᠤᠤᠮᠸᠠᠤ ᠪᠢᠴᠢᠬᠠᠠ ᠨᠠᠶ᠋ᠢᠵᠠ ᠨᠠᠷ ᠪᠤᠯᠤᠨ ᠠᠯᠪᠠᠠ ᠵᠢᠷᠤᠮ᠎ᠤᠨ ᠠᠵᠢᠯ ᠬᠢᠳᠡᠭ ᠨᠠᠰᠤᠳᠡᠨ ᠪᠦᠷ ᠨᠠᠲᠠ ᠵᠠᠬᠢᠲᠠᠯ ᠪᠢᠴᠢᠵᠠᠢ᠃ ᠪᠢ ᠬᠠᠷᠢᠭᠤ ᠵᠠᠬᠢᠲᠠᠯ᠎ᠳᠠᠭᠠᠨ ᠤᠯᠠᠠ᠎ᠤ ᠤᠯᠤᠭᠰᠠᠠ ᠠᠮᠵᠢᠯᠲᠠ ᠵᠢ ᠨᠤᠲᠠᠯᠠᠵᠦ᠂ ᠪᠠᠰᠠ ᠰᠠᠶ᠋ᠢᠨ ᠰᠠᠶ᠋ᠢᠬᠠᠠ ᠬᠦᠰᠡᠯ ᠵᠦᠩᠨᠡᠯ ᠵᠶ᠋ᠠᠨ ᠢᠯᠡᠳᠭᠡᠯ᠎ᠡ᠃
ᠨᠢᠭᠡ ᠵᠢᠯ᠎ᠤᠨ ᠲᠤᠷᠰᠢ᠂ ᠮᠠᠰᠢ ᠤᠯᠠᠠ ᠬᠦᠮᠦᠠ ᠪᠤᠯᠤᠨ ᠤᠴᠢᠷ ᠪᠢᠳᠡᠨ᠎ᠢ ᠲᠤᠭᠲᠤᠯᠤᠭᠤᠯᠤᠯᠠ᠃ ᠨᠠᠰᠤᠨ ᠲᠤᠷᠰᠢᠲᠠ᠎ᠪᠠᠨ ᠨᠠᠷᠠ ᠠᠯᠲᠠᠷ ᠵᠶ᠋ᠠᠨ ᠨᠢᠭᠤᠵᠦ᠂ ᠤᠭ ᠰᠠᠨᠠᠭ᠎ᠠ᠎ᠪᠠᠨ ᠦᠯᠦ ᠬᠤᠪᠢᠷᠠᠭᠤᠯᠤᠭᠰᠠᠠ ᠵᠠᠩ ᠹᠦ᠋ ᠴᠢᠩ᠂ ᠵᠠᠯᠠᠭᠤ ᠨᠠᠰᠤ ᠪᠠ ᠬᠠᠯᠠᠭᠤᠨ ᠠᠮᠢ᠎ᠪᠠᠨ ᠶᠠᠲᠠᠭᠤ᠎ᠠᠴᠠ ᠠᠩᠭᠢᠵᠢᠷᠠᠭᠤᠯᠬᠤ ᠦᠢ᠍ᠯᠡᠰ᠎ᠲᠤ ᠵᠤᠷᠢᠭᠤᠯᠤᠭᠰᠠᠠ ᠬᠤᠸᠠᠩ ᠸᠧᠠ ᠰᠢᠤ᠂ ᠭᠠᠯ ᠤᠨᠲᠠᠷᠠᠭ᠋ᠠᠬᠤ ᠵᠢᠨ ᠲᠦᠯᠦᠭᠡ ᠠᠮᠢ ᠪᠡᠶ᠎ᠠ᠎ᠪᠠᠨ ᠵᠤᠷᠢᠭᠤᠯᠤᠭᠰᠠᠠ ᠰᠧᠴᠤᠸᠠᠠᠤ ᠮᠦᠯᠢ ᠵᠢᠨ 31 ᠲᠠᠶ᠋ᠢᠴᠢᠨ ᠪᠠᠭ᠋ᠠᠲᠤᠷ᠂ ᠪᠡᠶ᠎ᠠ ᠴᠤᠬ᠍ᠴᠠ᠎ᠪᠠᠷ ᠵᠶ᠋ᠠᠨ ᠲᠠᠶ᠋ᠢᠴᠢᠨ ᠨᠠᠶ᠋ᠢᠵᠠ᠎ᠪᠠᠨ ᠬᠠᠮᠠᠭ᠋ᠠᠯᠠᠭᠰᠠᠠ ᠳ᠋ᠦ᠋ ᠹᠦ᠋ ᠭᠦᠸᠧ᠂ ᠲᠠᠯᠡᠭᠡᠢ ᠵᠢᠨ ᠬᠤᠨᠲᠠᠭ᠋ᠠᠲᠦ ᠡᠮᠡᠭᠲᠡᠢ ᠵᠢᠨ ᠠᠯᠠᠭ᠋ᠠᠲᠠᠬᠤ ᠪᠦᠮᠪᠦᠭᠡ ᠵᠢᠨ ᠤᠷᠤᠯᠲᠤᠭ᠋ᠠᠠᠳᠤ ᠲᠠᠷᠠᠭ᠋ᠠᠯᠠᠠ ᠠᠷᠪᠠᠠ ᠨᠢᠭᠡ ᠤᠲᠠᠭ᠎ᠠ ᠮᠠᠩᠯᠠᠶ᠋ᠢᠯᠠᠭᠰᠠᠠ ᠡᠮᠡᠭᠲᠡᠢ ᠵᠢᠨ ᠠᠯᠠᠭ᠋ᠠᠲᠠᠬᠤ ᠪᠦᠮᠪᠦᠭᠡ ᠵᠢᠨ ᠠᠩᠭᠢ ᠁ ᠬᠠᠷᠠᠮᠰᠠᠯ ᠦᠭᠡᠢ ᠵᠢᠳᠭᠦᠵᠤ᠂ ᠬᠠᠷᠠᠮ ᠦᠭᠡᠢ ᠨᠡᠮᠡᠷᠢ ᠬᠠᠨᠳᠢᠪᠯᠠᠬᠰᠠᠨ ᠮᠠᠰᠢ ᠤᠯᠠᠠ ᠨᠡᠷᠡᠭᠦᠢ ᠪᠠᠭ᠋ᠠᠲᠤᠷᠴᠤᠳ᠂ ᠲᠡᠳᠡ ᠵᠢᠷ᠎ᠤᠨ ᠬᠦᠮᠦᠰ᠎ᠤᠨ ᠡᠭᠡᠯ ᠵᠢᠷ᠎ᠤᠨ ᠠᠵᠢᠯ ᠵᠶ᠋ᠠᠷ ᠵᠢᠷ᠎ᠤᠨ ᠪᠤᠰᠤ ᠠᠮᠢᠳᠤᠷᠬᠤᠢ ᠵᠢᠨ ᠲᠡᠤᠬᠡ ᠵᠢ ᠪᠢᠴᠢᠭᠯᠡᠪᠡ᠃
2019 ᠤᠨ᠎ᠳᠤ᠂ ᠲᠤᠮᠳᠠᠳᠤ ᠤᠯᠤᠰ ᠦᠷᠬᠦᠯᠵᠢᠯᠡᠨ ᠨᠡᠬᠡᠭᠡᠯᠳᠡ ᠬᠢᠵᠤ ᠲᠡᠯᠡᠭᠡᠢ ᠳ᠋ᠠᠬᠢᠨ᠎ᠤ ᠨᠠᠶ᠋ᠢᠵᠠ ᠨᠦᠬᠦᠳᠢ ᠪᠠᠶᠠᠷᠯᠡᠨ ᠤᠬᠳᠤᠪᠠ᠃ ᠪᠢᠳᠠ ᠬᠤᠶᠠᠳᠤᠭ᠋ᠠᠷ ᠬᠤᠭᠤᠴᠠᠭ᠋ᠠᠨ᠎ᠤ 《ᠨᠢᠭᠡ ᠪᠦᠰᠡ ᠨᠢᠭᠡ ᠵᠠᠮ》᠎ᠤᠨ ᠤᠯᠠᠨ ᠤᠯᠤᠰ᠎ᠤᠨ ᠬᠠᠮᠳᠤᠷᠠᠯᠴᠠᠭ᠋ᠠᠨ᠎ᠤ ᠲᠦᠷᠦᠬᠦᠴᠤᠳ᠎ᠤᠨ ᠶᠠᠷᠢᠶᠠᠨ᠎ᠤ ᠲᠠᠪᠴᠠᠩ᠂ ᠪᠡᠭᠡᠵᠢᠩ᠎ᠤᠨ ᠲᠡᠯᠡᠭᠡᠢ ᠵᠢᠨ ᠴᠡᠴᠡᠷᠯᠢᠭᠵᠢᠬᠦᠯᠬᠦ ᠮᠡᠷᠭᠡᠵᠢᠯ᠎ᠤᠨ ᠦᠵᠡᠰᠬᠦᠯᠡᠩ᠎ᠤᠨ ᠴᠤᠬᠯᠠᠭ᠋ᠠᠨ᠂ ᠠᠽᠢᠶ᠎ᠡ ᠵᠢᠨ ᠪᠤᠯᠪᠠᠰᠤᠨ᠎ᠤ ᠶᠡᠷᠢᠯᠴᠠᠭ᠋ᠠᠨᠤ ᠬᠤᠷᠠᠯ᠂ ᠬᠤᠶᠠᠳᠤᠭ᠋ᠠᠷ ᠬᠤᠭᠤᠴᠠᠭ᠋ᠠᠨ᠎ᠤ ᠲᠤᠮᠳᠠᠳᠤ ᠤᠯᠤᠰ᠎ᠤᠨ ᠤᠯᠠᠨ ᠤᠯᠤᠰ᠎ᠤᠨ ᠭᠠᠳᠠᠭ᠋ᠠᠳᠤ ᠤᠷᠤᠭᠤᠯᠤᠯᠳᠠ ᠵᠢᠨ ᠦᠵᠡᠰᠬᠦᠯᠡᠩ᠎ᠤᠨ ᠴᠤᠬᠯᠠᠭ᠋ᠠᠨ᠎ᠢ ᠭᠤᠤᠯᠯᠠᠨ ᠡᠷᠭᠢᠯᠡᠵᠤ᠂ ᠲᠡᠯᠡᠭᠡᠢ ᠳ᠋ᠠᠬᠢᠨ᠎ᠳᠤ ᠪᠤᠯᠪᠠᠰᠤᠨ᠂ ᠨᠡᠭᠡᠭᠡᠯᠳᠡᠳᠠᠢ᠂ ᠪᠠᠭᠳᠠᠭ᠋ᠠᠮᠵᠢᠳᠠᠢ ᠲᠤᠮᠳᠠᠳᠤ ᠤᠯᠤᠰ᠎ᠢ ᠢᠯᠡᠷᠡᠬᠦᠯᠪᠡ᠃ ᠪᠢ ᠮᠠᠰᠢ ᠤᠯᠠᠨ ᠤᠯᠤᠰ᠎ᠤᠨ ᠲᠡᠷᠢᠬᠦᠨ ᠪᠠ ᠵᠠᠰᠠᠭ᠎ᠤᠨ ᠤᠷᠳᠤᠨ᠎ᠤ ᠲᠦᠷᠦᠬᠦᠴᠤᠳ᠎ᠲᠠᠢ ᠠᠭᠤᠯᠵᠠᠵᠤ᠂ ᠲᠤᠮᠳᠠᠳᠤ ᠤᠯᠤᠰ᠎ᠤᠨ ᠵᠤᠷᠢᠯᠳᠠ ᠵᠢ ᠬᠤᠪᠢᠶᠠᠯᠴᠠᠵᠤ᠂ ᠨᠦᠬᠦᠷᠯᠡᠯ ᠵᠶ᠋ᠠᠨ ᠵᠤᠵᠠᠭ᠋ᠠᠳᠬᠠᠵᠤ᠂ ᠬᠠᠮᠳᠤ ᠵᠢᠨ ᠲᠠᠨᠢᠯᠳᠠ᠎ᠪᠠᠨ ᠬᠦᠨᠵᠡᠭᠡᠶ᠋ᠢᠷᠠᠭᠦᠯᠪᠠ᠃ ᠲᠡᠯᠡᠭᠡᠢ ᠵᠢᠨ ᠪᠠᠰᠠ ᠨᠢᠭᠡ ᠪᠦᠯᠦᠭ ᠤᠯᠤᠰ ᠪᠢᠳᠠᠨ᠎ᠲᠠᠢ ᠬᠠᠷᠢᠯᠴᠠᠭ᠎ᠠ ᠪᠠᠶ᠋ᠢᠭᠤᠯᠵᠤ᠂ ᠮᠠᠨ᠎ᠤ ᠤᠯᠤᠰ᠎ᠤᠨ ᠬᠠᠷᠢᠯᠴᠠᠭ᠎ᠠ ᠪᠠᠶ᠋ᠢᠭᠤᠯᠤᠬᠰᠡᠨ ᠤᠯᠤᠰ 180᠎ᠳᠤ ᠬᠦᠷᠴᠠᠢ᠃ ᠪᠢᠳᠠᠨ᠎ᠤ ᠨᠠᠶ᠋ᠢᠵᠠ ᠲᠡᠯᠡᠭᠡᠢ ᠳ᠋ᠠᠬᠢᠨ᠎ᠳᠤ ᠲᠦᠭᠡᠭᠡᠯᠡ!
2020 ᠤᠨ ᠪᠤᠯ ᠬᠦᠰᠢᠶ᠎ᠡ ᠲᠤᠷᠠᠰᠬᠠᠯ᠎ᠤᠨ ᠠᠴᠢ ᠬᠤᠯᠪᠤᠬᠳᠠᠯ᠎ᠲᠠᠢ ᠨᠢᠭᠡ ᠵᠢᠯ ᠮᠦᠨ᠃ ᠪᠢᠳᠠ ᠴᠢᠨᠡᠭᠡᠯᠢᠭ ᠨᠡᠶ᠋ᠢᠭᠡᠮ᠎ᠢ ᠪᠦᠬᠦ ᠲᠠᠯ᠎ᠡ᠎ᠪᠠᠷ ᠪᠠᠶᠡᠯᠡᠬᠦᠯᠵᠤ᠂ ᠨᠢᠭᠡᠳᠦᠭᠡᠷ ᠵᠠᠭᠤᠨ ᠵᠢᠯ᠎ᠤᠨ ᠲᠡᠮᠡᠴᠡᠬᠦ ᠬᠠᠷᠠᠯᠳᠠ᠎ᠪᠠᠨ ᠪᠠᠶᠡᠯᠡᠬᠦᠯᠬᠦ ᠪᠤᠯᠤᠨ᠎ᠡ᠃ 2020 ᠤᠨ ᠪᠤᠯ ᠪᠠᠰᠠ ᠴᠤ᠌ ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠲᠠᠶ᠋ᠢᠯᠠᠯᠳᠤᠭ᠋ᠠᠨ᠎ᠤ ᠰᠢᠢ᠍ᠳᠪᠤᠷᠢᠳᠤ ᠢᠯᠠᠯᠳᠠ ᠤᠯᠬᠤ ᠨᠢᠭᠡ ᠵᠢᠯ ᠪᠤᠯᠤᠨ᠎ᠡ᠃ ᠲᠠᠭ᠋ᠠᠷᠢᠯᠳᠠ ᠵᠢᠨ ᠪᠦᠷᠢᠶ᠎ᠡ ᠨᠢᠭᠡᠨᠳᠠ ᠬᠠᠨᠭ᠌ᠭᠢᠨᠠᠯᠠ᠃ ᠪᠢᠳᠠ ᠰᠡᠳᠬᠢᠯ ᠨᠢᠭᠡᠳᠦᠨ ᠴᠢᠷᠮᠠᠶ᠋ᠢᠨ ᠠᠵᠢᠯᠯᠠᠵᠤ᠂ ᠭᠡᠳᠦᠢ ᠬᠦᠴᠢᠷ ᠪᠡᠷᠭᠡᠰᠢᠶᠠᠯ ᠲᠤᠯᠭ᠋ᠠᠷᠠᠬᠤ ᠲᠤᠳᠤᠮ ᠲᠡᠳᠦᠢ ᠵᠤᠷᠢᠬᠳᠠᠢ ᠤᠷᠤᠬᠰᠢᠯᠠᠵᠤ᠂ ᠲᠤᠳᠠᠭᠤᠳᠠᠯ ᠵᠶ᠋ᠠᠨ ᠯᠠᠪᠳᠠᠭᠤᠨ ᠪᠠᠳᠤᠳᠠᠢ ᠨᠦᠬᠦᠪᠤᠷᠢᠯᠡᠵᠤ᠂ ᠰᠠᠭᠤᠷᠢ᠎ᠪᠠᠨ ᠪᠠᠳᠤ ᠲᠠᠯᠪᠢᠵᠤ᠂ ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠲᠠᠶ᠋ᠢᠯᠠᠯᠳᠤᠭ᠋ᠠᠨ᠎ᠤ ᠢᠯᠠᠯᠳᠠ ᠵᠢ ᠡᠷᠡᠰ ᠤᠯᠵᠤ᠂ ᠤᠳᠤ ᠵᠢᠨ ᠪᠠᠷᠢᠮᠵᠢᠶ᠎ᠡ᠎ᠠᠴᠠ ᠲᠤᠤᠷ᠎ᠠ ᠪᠠᠶ᠋ᠢᠭ᠎ᠠ ᠬᠦᠳᠡᠭᠡ ᠲᠤᠰᠬᠤᠨ᠎ᠤ ᠶᠠᠳᠠᠭᠤ ᠬᠦᠴᠢᠷᠳᠡᠯᠳᠠᠢ ᠬᠦᠮᠦᠨ ᠠᠮᠠ ᠵᠢ ᠪᠦᠬᠦᠨ᠎ᠢ ᠶᠠᠳᠠᠭᠤ᠎ᠠᠴᠠ ᠠᠩᠭᠢᠵᠢᠷᠠᠭᠤᠯᠵᠤ᠂ ᠶᠠᠳᠠᠭᠤ ᠬᠦᠴᠢᠷᠳᠡᠯᠳᠠᠢ ᠰᠢᠶᠠᠨ᠎ᠢ ᠪᠦᠬᠦᠨ᠎ᠢ ᠶᠠᠳᠠᠭᠤ᠎ᠠᠴᠠ ᠠᠩᠭᠢᠵᠢᠷᠠᠭᠤᠯᠬᠤ ᠬᠠᠷᠠᠯᠳᠠ᠎ᠪᠠᠨ ᠲᠤᠬᠳᠠᠬᠰᠡᠨ ᠬᠤᠭᠤᠴᠠᠭ᠋ᠠᠨ᠎ᠳᠤ ᠪᠡᠶᠡᠯᠡᠬᠦᠯᠬᠦ ᠭᠡᠷᠡᠭᠳᠠᠢ᠃
ᠲᠦᠷᠦᠭᠦᠬᠡᠨ᠂ ᠪᠢ ᠤᠤᠮᠸᠠ ᠡᠭᠡ ᠤᠯᠤᠰ᠎ᠲᠠᠭᠠᠨ ᠪᠤᠴᠠᠵᠤ ᠢᠷᠡᠭᠰᠡᠨ 20 ᠵᠢᠯ᠎ᠤᠨ ᠤᠢ ᠵᠢ ᠪᠡᠯᠭᠡᠯᠡᠬᠦ ᠠᠵᠢᠯᠯᠠᠭ᠎ᠠ᠎ᠳᠤ ᠤᠷᠤᠯᠴᠠᠵᠠᠢ᠂ ᠪᠢ ᠤᠤᠮᠸᠠᠤ ᠬᠦᠭᠵᠢᠯ ᠴᠡᠴᠡᠭᠯᠡᠯ ᠲᠤᠬᠳᠠᠭᠤᠨ ᠪᠠᠶ᠋ᠢᠳᠠᠯ᠎ᠢ ᠦᠵᠡᠭᠡᠳ ᠪᠠᠶᠠᠷᠯᠡᠵᠤ ᠪᠠᠶ᠋ᠢᠨ᠎ᠡ᠃ ᠤᠤᠮᠸᠠᠤ ᠠᠮᠵᠢᠯᠳᠠᠳᠠᠢ ᠦᠢ᠍ᠯᠡᠳᠦᠯᠭᠡ᠎ᠨᠢ᠂ 《ᠨᠢᠭᠡ ᠤᠯᠤᠰ᠎ᠲᠤ ᠬᠤᠶᠠᠷ ᠪᠠᠶ᠋ᠢᠭᠤᠯᠤᠯ᠎ᠢ ᠭᠡᠷᠡᠭᠵᠢᠬᠦᠯᠬᠦ》 ᠴᠢᠭᠯᠡᠯᠳᠡ ᠪᠦᠷᠢᠮᠦᠰᠤᠨ ᠶᠠᠪᠤᠬᠳᠠᠵᠤ ᠲᠠᠶ᠋ᠢᠯᠬᠦ᠂ ᠬᠢᠵᠤ ᠲᠠᠶ᠋ᠢᠯᠬᠦ᠂ ᠬᠦᠮᠦᠰ᠎ᠤᠨ ᠰᠡᠳᠬᠢᠯ᠎ᠢ ᠤᠯᠵᠤ ᠲᠠᠶ᠋ᠢᠯᠬᠦ ᠭᠡᠳᠡᠭ᠎ᠢ ᠭᠡᠷᠡᠴᠢᠯᠡᠪᠡ᠃ ᠤᠢ᠌ᠢ᠍ᠷᠡ ᠵᠢᠨ ᠭᠡᠳᠦᠨ ᠰᠠᠷ᠎ᠡ ᠵᠢᠨ ᠲᠤᠷᠰᠢ᠂ ᠰᠢᠶᠠᠩᠭ᠋ᠠᠩ᠎ᠤᠨ ᠪᠠᠶ᠋ᠢᠳᠠᠯ ᠤᠯᠠᠨ᠎ᠤ ᠰᠡᠳᠬᠢᠯ᠎ᠢ ᠬᠦᠨᠳᠡᠵᠤ ᠪᠤᠢ᠃ ᠡᠶ᠎ᠡ ᠵᠤᠬᠢᠴᠠᠩᠭᠤᠢ ᠠᠮᠤᠷ ᠲᠤᠬᠳᠠᠭᠤᠨ ᠤᠷᠴᠢᠨ ᠲᠤᠭᠤᠷᠢᠨ ᠪᠠᠶ᠋ᠢᠬᠤ ᠦᠭᠡᠢ ᠪᠤᠯ ᠶᠠᠭ᠋ᠠᠬᠢᠵᠤ ᠠᠮᠤᠷ ᠵᠢᠷᠭ᠋ᠠᠯ᠎ᠲᠠᠢ ᠠᠵᠢᠯᠯᠠᠵᠤ ᠠᠮᠢᠳᠤᠷᠠᠬᠤ ᠭᠡᠷ ᠤᠷᠤᠨ ᠪᠠᠶ᠋ᠢᠵᠤ ᠴᠢᠳᠠᠬᠤ ᠠᠵᠢ! ᠰᠢᠶᠠᠩᠭ᠋ᠠᠩ ᠰᠠᠶ᠋ᠢᠨ ᠰᠠᠶ᠋ᠢᠬᠠᠨ ᠪᠤᠯᠵᠤ᠂ ᠰᠢᠶᠠᠩᠭ᠋ᠠᠩ᠎ᠤᠨ ᠠᠬ᠎ᠠ ᠲᠡᠬᠦᠤ ᠨᠠᠷ ᠰᠠᠶ᠋ᠢᠨ ᠰᠠᠶ᠋ᠢᠬᠠᠨ ᠪᠠᠶ᠋ᠢᠬᠤ ᠵᠢ ᠴᠢᠩ ᠰᠡᠳᠬᠢᠯ᠎ᠠᠴᠠ᠎ᠪᠠᠨ ᠬᠦᠰᠡᠵᠤ ᠪᠠᠶ᠋ᠢᠨ᠎ᠡ᠃ ᠰᠢᠶᠠᠩᠭ᠋ᠠᠩ᠎ᠤᠨ ᠬᠦᠭᠵᠢᠯ ᠴᠡᠴᠡᠭᠯᠡᠯ ᠠᠮᠤᠷ ᠲᠤᠬᠳᠠᠭᠤᠨ ᠪᠤᠯ ᠰᠢᠶᠠᠩᠭ᠋ᠠᠩ᠎ᠤᠨ ᠠᠬ᠎ᠠ ᠲᠡᠬᠦᠤ ᠨᠠᠷ᠎ᠤᠨ ᠬᠦᠰᠡᠯ ᠡᠷᠡᠮᠡᠯᠵᠡᠯ ᠪᠤᠯᠤᠨ᠎ᠠ᠂ ᠪᠠᠰᠠ ᠴᠤ᠌ ᠡᠭᠡ ᠤᠯᠤᠰ᠎ᠤᠨ ᠠᠷᠠᠳ ᠲᠦᠮᠡᠨ᠎ᠤ ᠬᠦᠰᠡᠯ ᠡᠷᠡᠮᠡᠯᠵᠡᠯ ᠪᠤᠯᠤᠨ᠎ᠡ᠃
ᠲᠡᠤᠭᠡ ᠵᠢᠨ ᠤᠷᠳᠤ ᠠᠶᠠᠨ ᠲᠠᠰᠤᠷᠠᠰᠢ ᠦᠭᠡᠢ ᠦᠷᠬᠦᠯᠵᠢᠯᠠᠨᠡ᠂ ᠡᠨᠡ ᠬᠦ᠌ ᠶᠠᠪᠤᠴᠠ᠎ᠳᠤ ᠨᠠᠮᠵᠢᠭᠤᠨ ᠲᠤᠬᠳᠠᠭᠤᠨ ᠦᠶ᠎ᠡ ᠴᠤ᠌ ᠪᠤᠢ᠂ ᠨᠠᠮᠵᠢᠭᠤᠨ ᠲᠤᠬᠳᠠᠭᠤᠨ ᠪᠤᠰᠤ ᠦᠶ᠎ᠡ ᠴᠦ᠍ ᠪᠤᠢ᠃ ᠪᠢᠳᠠ ᠬᠦᠴᠢᠷ ᠪᠡᠷᠭᠡᠰᠢᠶᠠᠯ᠎ᠠᠴᠠ ᠠᠶᠤᠬᠤ ᠦᠭᠡᠢ᠂ ᠠᠶᠤᠯ ᠪᠠᠷᠳᠠᠭ᠎ᠠ᠎ᠠᠴᠠ ᠰᠦᠷᠳᠡᠬᠦ ᠦᠭᠡᠢ ᠪᠠᠶ᠋ᠢᠬᠤ ᠬᠡᠷᠡᠭᠳᠠᠢ᠃ ᠲᠤᠮᠳᠠᠳᠤ ᠤᠯᠤᠰ ᠡᠩᠭᠡ ᠲᠠᠶ᠋ᠢᠪᠤᠩ ᠬᠦᠭᠵᠢᠯᠳᠠ ᠵᠢᠨ ᠵᠠᠮ ᠵᠶ᠋ᠠᠷ ᠡᠷᠡᠰ ᠭᠤᠶ᠋ᠢᠪᠢᠰᠢ ᠦᠭᠡᠢ ᠵᠠᠮᠨᠠᠵᠤ᠂ ᠲᠡᠯᠡᠭᠡᠢ ᠵᠢᠨ ᠡᠩᠭᠡ ᠲᠠᠶ᠋ᠢᠪᠤᠩ᠎ᠢ ᠡᠷᠡᠰ ᠭᠤᠶ᠋ᠢᠪᠢᠰᠢ ᠦᠭᠡᠢ ᠬᠠᠮᠠᠭ᠋ᠠᠯᠠᠵᠤ᠂ ᠬᠠᠮᠳᠤ ᠵᠢᠨ ᠬᠦᠭᠵᠢᠯᠳᠠ ᠵᠢ ᠠᠬᠢᠭᠤᠯᠤᠨ᠎ᠠ᠃ ᠪᠢᠳᠡ ᠲᠤᠷᠠᠳᠠᠶ᠎ᠡ ᠲᠠᠯᠡᠭᠡᠢ ᠵᠢᠨ ᠡᠯ᠎ᠡ ᠤᠯᠤᠰ᠎ᠤᠨ ᠠᠷᠠᠳ ᠲᠦᠮᠡᠨ᠎ᠲᠠᠢ ᠭᠠᠷ ᠵᠶ᠋ᠠᠨ ᠬᠤᠯᠪᠤᠵᠤ᠂ 《ᠨᠢᠭᠡ ᠪᠦᠰᠡ ᠨᠢᠭᠡ ᠵᠠᠮ》᠎ᠢ ᠢᠳᠡᠪᠬᠢᠳᠠᠢ᠎ᠪᠠᠷ ᠬᠠᠮᠳᠤ᠎ᠪᠠᠷ ᠪᠦᠳᠦᠭᠡᠨ ᠪᠠᠶ᠋ᠢᠭᠤᠯᠵᠤ᠂ ᠬᠦᠮᠦᠨ ᠲᠦᠷᠦᠯᠬᠢᠳᠠᠨ᠎ᠤ ᠬᠤᠪᠢ ᠵᠠᠶᠠᠭ᠋ᠠᠨ᠎ᠤ ᠬᠠᠮᠳᠤ ᠵᠢᠨ ᠴᠤᠬ᠍ᠴᠠ ᠵᠢ ᠪᠠᠶ᠋ᠢᠭᠤᠯᠬᠤ ᠵᠢ ᠠᠬᠢᠭᠤᠯᠵᠤ᠂ ᠬᠦᠮᠦᠨ ᠲᠦᠷᠦᠯᠬᠢᠳᠠᠨ᠎ᠤ ᠰᠠᠶ᠋ᠢᠨ ᠰᠠᠶ᠋ᠢᠬᠠᠨ ᠢᠷᠡᠭᠡᠳᠦᠢ ᠵᠢ ᠴᠤᠬ᠍ᠴᠠᠯᠠᠬᠤ ᠵᠢᠨ ᠲᠦᠯᠦᠭᠡ ᠴᠦᠬᠦᠷᠡᠰᠢ ᠦᠭᠡᠢ ᠴᠢᠷᠮᠠᠶ᠋ᠢᠨᠡ᠃
ᠡᠨᠡ ᠬᠦ᠌ ᠴᠠᠬ ᠮᠦᠴᠡ᠎ᠳᠤ᠂ ᠮᠠᠰᠢ ᠤᠯᠠᠨ ᠬᠦᠮᠦᠨ ᠪᠠᠰᠠ ᠠᠵᠢᠯ᠎ᠤᠨ ᠪᠠᠶ᠋ᠢᠷᠢ᠎ᠪᠠᠨ ᠪᠠᠳᠤ ᠰᠠᠬᠢᠵᠤ᠂ ᠮᠠᠰᠢ ᠤᠯᠠᠨ ᠬᠦᠮᠦᠨ ᠡᠩᠭᠡ ᠲᠠᠶ᠋ᠢᠪᠤᠩ᠎ᠢ ᠰᠠᠬᠢᠨ ᠬᠠᠮᠠᠭ᠋ᠠᠯᠠᠵᠤ᠂ ᠮᠠᠰᠢ ᠤᠯᠠᠨ ᠬᠦᠮᠦᠨ ᠰᠢᠷᠭ᠋ᠠᠭᠤ ᠬᠦᠳᠡᠯᠮᠦᠷᠢᠯᠡᠵᠤ ᠪᠠᠶ᠋ᠢᠨ᠎ᠡ᠃ ᠤᠯᠠᠨ ᠵᠶ᠋ᠠᠷ ᠵᠶ᠋ᠠᠨ ᠵᠦᠳᠡᠷᠡᠯ᠎ᠡ!
ᠪᠢᠳᠠ ᠭᠠᠭᠴᠡᠬᠦ ᠦᠷᠯᠦᠭᠡ ᠦᠳᠡᠰᠢ ᠵᠢ ᠲᠠᠮᠠᠴᠠᠨ᠂ ᠰᠠᠶ᠋ᠢᠬᠠᠨ ᠴᠠᠭ ᠵᠠᠯᠠᠭᠤ ᠨᠠᠰᠤ ᠵᠢ ᠦᠯᠦ ᠬᠦᠰᠡᠷᠳᠡᠭᠦᠯᠵᠤ 2020 ᠤᠨ ᠵᠶ᠋ᠠᠨ ᠬᠠᠮᠳᠤ᠎ᠪᠠᠷ ᠤᠬᠳᠤᠵᠠᠭ᠋ᠠᠶᠡ᠃
ᠤᠯᠠᠨ ᠵᠶ᠋ᠠᠷ ᠵᠶ᠋ᠠᠨ ᠰᠢᠨ᠎ᠡ ᠵᠢᠯ᠎ᠳᠡᠭᠡᠨ ᠪᠠᠶᠠᠷ ᠬᠦᠷ᠎ᠲᠠᠢ ᠪᠠᠶ᠋ᠢᠬᠤ ᠵᠢ ᠬᠦᠰᠡᠨ ᠵᠦᠡᠭᠨᠡᠶ᠎ᠡ!