ᠦᠪᠡᠷᠳᠡᠬᠡᠨ ᠵᠠᠰᠠᠬᠤ ᠤᠷᠤᠨᠤ ᠲᠤᠳᠤᠭ᠋ᠠᠳᠤ ᠵᠢ ᠬᠠᠮᠠᠭ᠋ᠠᠯᠠᠬᠤ ᠲᠢᠩᠬᠢᠮ 《ᠦᠪᠦᠷ ᠮᠤᠩᠭᠤᠯᠤᠨ ᠦᠪᠡᠷᠳᠡᠬᠡᠨ ᠵᠠᠰᠠᠬᠤ ᠤᠷᠤᠨᠤ ᠲᠤᠳᠤᠭ᠋ᠠᠳᠤ ᠵᠢ ᠬᠠᠮᠠᠭ᠋ᠠᠯᠠᠬᠤ ᠪᠠᠶ᠋ᠢᠭᠤᠯᠭᠠ ᠵᠢᠨ ᠲᠤᠬᠳᠠᠭ᠋ᠠᠯᠠᠴᠠ ᠵᠦᠷᠢᠴᠡᠨ ᠠᠯᠪᠠᠨ ᠠᠵᠢᠯᠳᠤ ᠬᠡᠷᠡᠭᠯᠡᠬᠦ ᠫᠤᠤ ᠵᠢ ᠬᠠᠮᠢᠶᠠᠷᠴᠤ ᠬᠡᠷᠡᠭᠯᠡᠬᠦ ᠵᠢ ᠡᠷᠡᠰ ᠴᠠᠭ᠋ᠠᠵᠠᠯᠠᠬᠤ ᠲᠤᠬᠳᠠᠭ᠋ᠠᠯ》 (ᠲᠤᠷᠤᠬᠰᠢ 《ᠲᠤᠬᠳᠠᠭ᠋ᠠᠯ》 ᠬᠡᠵᠦ ᠲᠦᠬᠦᠮᠴᠢᠯᠡᠨᠡ)ᠢ 5 ᠰᠠᠷᠠ ᠵᠢᠨ 1ᠠᠴᠠ ᠡᠬᠢᠯᠡᠨ ᠬᠡᠷᠡᠭᠵᠢᠬᠦᠯᠵᠡᠢ᠃
《ᠲᠤᠬᠳᠠᠭ᠋ᠠᠯ》ᠳᠤ ᠶᠢᠰᠦᠨ ᠳᠠᠯᠠ ᠵᠢᠨ ᠪᠣᠳᠠᠳᠠᠢ ᠴᠠᠭ᠋ᠠᠵᠠᠯᠠᠬᠤ ᠳᠣᠭᠳᠠᠭ᠋ᠠᠯ ᠭᠠᠷᠭ᠋ᠠᠵᠤ᠂ ᠡᠳᠡᠭᠡᠷ ᠲᠤᠬᠳᠠᠭ᠋ᠠᠯᠢ ᠵᠦᠷᠢᠴᠡᠪᠡᠯ ᠴᠦᠮ ᠤᠷᠢᠳ ᠵᠶ᠋ᠠᠷ ᠲᠤᠰᠢᠶᠠᠯ ᠵᠶ᠋ᠠᠨ ᠬᠦᠢ᠍ᠴᠡᠳᠬᠡᠬᠦ ᠵᠢᠨᠢ ᠵᠤᠬᠰᠤᠭ᠋ᠠᠬᠤ ᠪᠤᠶᠤ ᠲᠤᠰᠠᠭ᠋ᠠᠷᠯᠠᠬᠤ ᠠᠷᠭᠠ ᠬᠡᠮᠵᠢᠶᠠ ᠠᠪᠴᠤ᠂ ᠪᠠᠶ᠋ᠢᠴᠠᠭ᠋ᠠᠬᠰᠠᠨ ᠦᠷᠡ ᠳ᠋ᠦᠩᠢ ᠦᠵᠡᠵᠦ᠂ ᠦᠢ᠍ᠯᠡ ᠪᠠᠶ᠋ᠢᠳᠠᠯᠨᠢ ᠬᠠᠷᠢᠴᠠᠩᠭᠤᠢ ᠬᠦᠩᠬᠡᠨ ᠪᠣᠯ ᠵᠠᠷᠯᠠᠨ ᠰᠢᠬᠦᠮᠵᠢᠯᠡᠬᠦ᠂ ᠠᠵᠢᠯᠤᠨ ᠪᠠᠶ᠋ᠢᠷᠢ ᠵᠢᠨᠢ ᠲᠤᠬᠢᠷᠠᠭᠤᠯᠬᠤ ᠵᠡᠷᠬᠡ ᠵᠤᠬᠢᠶᠠᠨ ᠪᠠᠶ᠋ᠢᠭᠤᠯᠤᠯᠳᠠ ᠵᠢᠨ ᠰᠢᠢ᠍ᠳᠬᠡᠯ ᠦᠭᠴᠦ᠂ ᠦᠢ᠍ᠯᠡ ᠪᠠᠶ᠋ᠢᠳᠠᠯᠨᠢ ᠬᠦᠨᠳᠦ ᠨᠤᠴᠢᠳᠠᠢ ᠪᠣᠯ ᠰᠠᠬᠢᠯᠭᠠ ᠪᠠᠳᠤ ᠲᠦᠷᠢᠮ ᠲᠤᠬᠳᠠᠭ᠋ᠠᠯ ᠶᠤᠰᠤᠭ᠋ᠠᠷ ᠬᠠᠷᠠᠭ᠋ᠠᠯᠵᠠᠬᠰᠠᠨ ᠨᠠᠮ ᠵᠠᠰᠠᠬᠤᠨ ᠰᠢᠢ᠍ᠳᠬᠡᠯ ᠦᠭᠴᠦ᠂ ᠶᠠᠯᠠᠳᠤ ᠠᠵᠢᠯᠯᠠᠭᠠ ᠪᠦᠷᠢᠯᠳᠦᠭᠦᠯᠦᠭᠰᠡᠨ ᠪᠣᠯ ᠬᠠᠤᠯᠢ ᠶᠤᠰᠤᠭ᠋ᠠᠷ ᠡᠷᠡᠬᠦᠦ ᠵᠢᠨ ᠬᠡᠷᠡᠭᠤᠨ ᠬᠠᠷᠢᠭᠤᠴᠠᠯᠭᠠ ᠨᠡᠬᠡᠮᠵᠢᠯᠡᠨᠡ ᠭᠡᠵᠡᠢ᠃