ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠠᠯᠪᠠᠨ ᠨᠡᠶ᠋ᠢᠲᠡᠯᠡᠯ
ᠤᠢ ᠰᠢᠭᠤᠢ ᠲᠠᠯ᠎ᠠ ᠨᠤᠲᠤᠭ᠎ᠤᠨ ᠬᠡᠭᠡᠷ᠎ᠡ ᠵᠢᠨ ᠡᠮᠲᠦ ᠤᠷᠭᠤᠮᠠᠯ᠎ᠢ ᠮᠠᠯᠲᠠᠵᠤ ᠬᠤᠳᠠᠯᠳᠤᠭ᠋ᠠᠯᠠᠬᠤ ᠪᠠ ᠲᠡᠭᠡᠭᠡᠪᠦᠷᠢᠯᠡᠬᠦ ᠵᠢ ᠴᠢᠩᠭ᠎ᠠ ᠴᠠᠭ᠋ᠠᠵᠠᠯᠠᠬᠤ ᠲᠤᠬᠠᠢ ᠵᠠᠷᠯᠠᠯ (1 ᠳ᠋ᠦ᠍ᠭᠡᠷ ᠲᠤᠭ᠋ᠠᠲᠤ)
ᠨᠡᠶ᠋ᠢᠲᠡᠯᠡᠭᠰᠡᠨ ᠴᠠᠭ᠄ 2022-06-08

      ᠡᠷᠭᠦᠨ᠎ᠡ ᠬᠤᠲᠠ ᠵᠢᠨ ᠤᠢ ᠰᠢᠭᠤᠢ ᠪᠠ ᠨᠤᠲᠤᠭ ᠪᠡᠯᠴᠢᠭᠡᠷ᠎ᠤᠨ ᠠᠮᠢ ᠠᠬᠤᠢ ᠵᠢ ᠦᠨᠡᠨᠬᠦ ᠬᠠᠮᠠᠭ᠋ᠠᠯᠠᠵᠤ᠂ ᠠᠮᠢᠳᠤ ᠪᠤᠳᠡᠰ᠎ᠤᠨ ᠤᠯᠠᠨ ᠶᠠᠩᠵᠤᠲᠤ ᠴᠢᠨᠠᠷ ᠪᠠ ᠠᠮᠢ ᠠᠬᠤᠢ ᠵᠢᠨ ᠲᠡᠩᠴᠡᠭᠦᠷᠢ ᠵᠢ ᠪᠠᠲᠤᠯᠠᠬᠤ ᠵᠢᠨ ᠲᠦᠯᠦᠭᠡ᠂ 《ᠪᠦᠭᠦᠳᠡ ᠨᠠᠶ᠋ᠢᠷᠠᠮᠳᠠᠬᠤ ᠳᠤᠮᠳᠡᠳᠤ ᠠᠷᠠᠳ ᠤᠯᠤᠰ᠎ᠤᠨ ᠨᠤᠲᠤᠭ ᠪᠡᠯᠴᠢᠭᠡᠷ᠎ᠤᠨ ᠬᠠᠤᠯᠢ》᠂ 《ᠪᠦᠭᠦᠳᠡ ᠨᠠᠶ᠋ᠢᠷᠠᠮᠳᠠᠬᠤ ᠳᠤᠮᠳᠡᠳᠤ ᠠᠷᠠᠳ ᠤᠯᠤᠰ᠎ᠤᠨ ᠤᠢ ᠰᠢᠭᠤᠢ ᠵᠢᠨ ᠬᠠᠤᠯᠢ》᠂ 《ᠪᠦᠭᠦᠳᠡ ᠨᠠᠶ᠋ᠢᠷᠠᠮᠳᠠᠬᠤ ᠳᠤᠮᠳᠡᠳᠤ ᠠᠷᠠᠳ ᠤᠯᠤᠰ᠎ᠤᠨ ᠬᠡᠭᠡᠷ᠎ᠡ ᠵᠢᠨ ᠤᠷᠭᠤᠮᠠᠯ᠎ᠢ ᠬᠠᠮᠠᠭ᠋ᠠᠯᠠᠬᠤ ᠬᠠᠤᠯᠢ》᠂ 《ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠨᠤᠲᠤᠭ ᠪᠡᠯᠴᠢᠭᠡᠷ᠎ᠢ ᠬᠠᠮᠢᠶᠠᠷᠬᠤ ᠳᠦᠷᠢᠮ》᠂ 《ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠦᠨᠳᠦᠰᠦᠨ ᠨᠤᠲᠤᠭ ᠪᠡᠯᠴᠢᠭᠡᠷ᠎ᠢ ᠬᠠᠮᠠᠭ᠋ᠠᠯᠠᠬᠤ ᠳᠦᠷᠢᠮ》 ᠪᠠ 《ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠲᠠᠯ᠎ᠠ ᠨᠤᠲᠤᠭ᠎ᠤᠨ ᠬᠡᠭᠡᠷ᠎ᠡ ᠵᠢᠨ ᠤᠷᠭᠤᠮᠠᠯ᠎ᠢ ᠮᠠᠯᠲᠠᠵᠤ ᠬᠤᠳᠠᠯᠳᠤᠭ᠋ᠠᠯᠠᠬᠤ ᠵᠢ ᠬᠠᠮᠢᠶᠠᠷᠬᠤ ᠠᠷᠭ᠎ᠠ》 ᠵᠡᠷᠭᠡ ᠬᠤᠯᠪᠤᠭᠳᠠᠯ ᠪᠦᠬᠦᠢ ᠲᠤᠭᠲᠠᠭ᠋ᠠᠯ᠎ᠢ ᠦᠨᠳᠦᠰᠦᠯᠡᠨ᠂ ᠳᠤᠤᠷᠠᠬᠢ ᠮᠡᠲᠦ ᠲᠤᠭᠲᠠᠭ᠋ᠠᠪᠠ᠄

      ᠨᠢᠭᠡ᠂ ᠡᠷᠭᠦᠨ᠎ᠡ ᠬᠤᠲᠠ ᠵᠢᠨ ᠬᠡᠪᠴᠢᠶᠡᠨ᠎ᠳᠤ᠂ ᠶᠠᠮᠠᠷᠪᠠ ᠪᠠᠶ᠋ᠢᠭᠤᠯᠭ᠎ᠠ ᠪᠠ ᠬᠤᠪᠢ ᠬᠦᠮᠦᠨ᠎ᠤ ᠤᠢ ᠰᠢᠭᠤᠢ ᠪᠠ ᠲᠠᠯ᠎ᠠ ᠨᠤᠲᠤᠭ᠎ᠤᠨ ᠬᠡᠭᠡᠷ᠎ᠡ ᠵᠢᠨ ᠡᠮᠲᠦ ᠤᠷᠭᠤᠮᠠᠯ᠎ᠢ ᠮᠠᠯᠲᠠᠵᠤ ᠬᠤᠳᠠᠯᠳᠤᠭ᠋ᠠᠯᠠᠬᠤ ᠪᠤᠯᠤᠨ ᠲᠡᠭᠡᠭᠡᠪᠦᠷᠢᠯᠡᠬᠦ ᠵᠢᠴᠢ ᠪᠤᠰᠤᠳ ᠤᠷᠭᠤᠮᠠᠯ ᠬᠤᠴᠢᠯᠭ᠎ᠠ ᠵᠢ ᠡᠪᠳᠡᠬᠦ ᠠᠵᠢᠯᠯᠠᠭ᠎ᠠ ᠵᠢ ᠡᠷᠡᠰ ᠴᠠᠭ᠋ᠠᠵᠠᠯᠠᠨ᠎ᠠ᠃

      ᠡᠷᠭᠦᠨ᠎ᠡ ᠬᠤᠲᠠ ᠵᠢᠨ ᠬᠡᠪᠴᠢᠶᠡᠨ᠎ᠳᠤ᠂ ᠤᠢ ᠰᠢᠭᠤᠢ ᠪᠠ ᠲᠠᠯ᠎ᠠ ᠨᠤᠲᠤᠭ᠎ᠤᠨ ᠬᠡᠭᠡᠷ᠎ᠡ ᠵᠢᠨ ᠡᠮᠲᠦ ᠤᠷᠭᠤᠮᠠᠯ᠎ᠢ ᠮᠠᠯᠲᠠᠵᠤ ᠬᠤᠳᠠᠯᠳᠤᠭ᠋ᠠᠯᠠᠬᠤ ᠪᠤᠯᠤᠨ ᠲᠡᠭᠡᠭᠡᠪᠦᠷᠢᠯᠡᠬᠦ ᠵᠢᠴᠢ ᠪᠤᠰᠤᠳ ᠤᠷᠭᠤᠮᠠᠯ ᠬᠤᠴᠢᠯᠭ᠎ᠠ ᠵᠢ ᠡᠪᠳᠡᠬᠦ ᠠᠵᠢᠯᠯᠠᠭ᠎ᠠ᠎ᠨᠢ ᠪᠦᠷ ᠬᠠᠤᠯᠢ ᠪᠤᠰᠤ ᠠᠵᠢᠯᠯᠠᠭ᠎ᠠ᠎ᠳᠤ ᠪᠠᠭᠲᠠᠨ᠎ᠠ᠃

      ᠬᠤᠶᠠᠷ᠂ ᠡᠯ᠎ᠡ ᠰᠤᠮᠤ ᠰᠢᠶᠠᠩ ᠪᠠᠯᠭ᠋ᠠᠰᠤ ᠵᠡᠭᠡᠯᠢ ᠭᠤᠳᠤᠮᠵᠢ ᠪᠤᠯᠤᠨ ᠳᠤᠲᠤᠭ᠋ᠠᠲᠤ ᠵᠢ ᠬᠠᠮᠠᠭ᠋ᠠᠯᠠᠬᠤ᠂ ᠤᠢ ᠰᠢᠭᠤᠢ ᠨᠤᠲᠤᠭ ᠪᠡᠯᠴᠢᠭᠡᠷ᠂ ᠠᠮᠢ ᠠᠬᠤᠢ ᠵᠢᠨ ᠤᠷᠴᠢᠨ ᠲᠤᠭᠤᠷᠢᠨ᠂ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ᠂ ᠲᠠᠷᠢᠶᠠᠯᠠᠩ ᠮᠠᠯ ᠠᠵᠤ ᠠᠬᠤᠢ᠂ ᠵᠠᠮ ᠬᠠᠷᠢᠯᠴᠠᠭ᠎ᠠ ᠪᠠ ᠲᠡᠭᠡᠭᠡᠪᠦᠷᠢ ᠵᠡᠷᠭᠡ ᠰᠠᠯᠠᠭ᠎ᠠ ᠮᠦᠴᠢᠷ ᠬᠠᠮᠵᠢᠯᠴᠠᠨ ᠠᠵᠢᠯᠯᠠᠨ᠎ᠠ᠃ ᠬᠠᠤᠯᠢ ᠴᠠᠭ᠋ᠠᠵᠠ ᠵᠢ ᠵᠦᠷᠢᠴᠡᠭᠰᠡᠨ ᠠᠵᠢᠯᠯᠠᠭ᠎ᠠ ᠵᠢ ᠴᠢᠩᠭ᠎ᠠ ᠰᠢᠢ᠍ᠳᠬᠡᠨ᠎ᠡ᠃ ᠬᠡᠷᠪᠡ ᠳᠡᠭᠡᠷᠡᠬᠢ ᠪᠠᠶ᠋ᠢᠳᠠᠯ᠎ᠨᠢ ᠡᠷᠡᠭᠦᠦ ᠵᠢᠨ ᠬᠠᠤᠯᠢ ᠵᠢ ᠵᠦᠷᠢᠴᠡᠭᠰᠡᠨ ᠪᠤᠯ᠂ ᠬᠠᠤᠯᠢ ᠶᠤᠰᠤᠭ᠋ᠠᠷ ᠬᠠᠮᠢᠶ᠎ᠠ ᠪᠦᠬᠦᠢ ᠪᠠᠶ᠋ᠢᠭᠤᠯᠭ᠎ᠠ᠎ᠳᠤ ᠲᠤᠰᠢᠶᠠᠨ᠂ ᠡᠷᠡᠭᠦᠦ ᠵᠢᠨ ᠬᠡᠷᠡᠭ᠎ᠤᠨ ᠬᠠᠷᠢᠭᠤᠴᠠᠯᠭ᠎ᠠ ᠵᠢ ᠨᠡᠬᠡᠮᠵᠢᠯᠡᠨ᠎ᠡ᠃

      ᠭᠤᠷᠪᠠ᠂ ᠡᠯ᠎ᠡ ᠰᠤᠮᠤ ᠰᠢᠶᠠᠩ ᠪᠠᠯᠭ᠋ᠠᠰᠤ ᠵᠡᠭᠡᠯᠢ ᠭᠤᠳᠤᠮᠵᠢ ᠪᠤᠯᠤᠨ ᠲᠠᠷᠢᠶᠠᠯᠠᠩ ᠮᠠᠯ ᠠᠵᠤ ᠠᠬᠤᠢ ᠵᠢᠨ ᠦᠢ᠍ᠯᠡᠰ᠎ᠤᠨ ᠬᠢᠵᠠᠭ᠋ᠠᠷᠲᠤ ᠺᠤᠮᠫᠠᠨᠢ ᠵᠢᠴᠢ ᠬᠤᠯᠪᠤᠭᠳᠠᠯ ᠪᠦᠬᠦᠢ ᠰᠠᠯᠠᠭ᠎ᠠ ᠮᠦᠴᠢᠷ ᠵᠠᠪᠠᠯ ᠤᠢ ᠰᠢᠭᠤᠢ ᠨᠤᠲᠤᠭ ᠪᠡᠯᠴᠢᠭᠡᠷ᠎ᠤᠨ ᠬᠢᠨᠠᠯᠲᠠ ᠬᠠᠮᠢᠶᠠᠷᠤᠯᠲᠠ᠎ᠪᠠᠨ ᠦᠨᠡᠨᠬᠦ ᠴᠢᠩᠭ᠋ᠠᠳᠬᠠᠨ᠎ᠠ᠃ ᠤᠢ ᠰᠢᠭᠤᠢ ᠨᠤᠲᠤᠭ ᠪᠡᠯᠴᠢᠭᠡᠷ᠎ᠤᠨ ᠲᠤᠬᠠᠢ ᠬᠠᠤᠯᠢ ᠴᠠᠭ᠋ᠠᠵᠠ ᠬᠠᠤᠯᠢ ᠳᠦᠷᠢᠮ᠎ᠢ ᠦᠷᠭᠡᠨ ᠳᠡᠯᠭᠡᠷᠡᠩᠭᠦᠢ ᠤᠬᠠᠭᠤᠯᠤᠨ᠎ᠠ᠃ ᠤᠢ ᠰᠢᠭᠤᠢ ᠨᠤᠲᠤᠭ ᠪᠡᠯᠴᠢᠭᠡᠷ᠎ᠢ ᠬᠠᠮᠠᠭ᠋ᠠᠯᠠᠬᠤ ᠠᠵᠢᠯ᠎ᠢ ᠰᠠᠶ᠋ᠢᠲᠤᠷ ᠬᠢᠨ᠎ᠡ᠃

      ᠳᠦᠷᠪᠡ᠂ ᠨᠡᠶ᠋ᠢᠭᠡᠮ᠎ᠤᠨ ᠡᠯ᠎ᠡ ᠡᠲᠡᠭᠡᠳ᠎ᠤᠨ ᠬᠠᠤᠯᠢ ᠪᠤᠰᠤ ᠠᠵᠢᠯᠯᠠᠭ᠎ᠠ ᠵᠢ ᠢᠯᠡᠴᠢᠯᠡᠨ ᠮᠡᠳᠡᠭᠦᠯᠬᠦ ᠵᠢ ᠬᠦᠰᠡᠵᠦ ᠪᠠᠶ᠋ᠢᠨ᠎ᠠ᠃ ᠰᠦᠪᠡᠭᠴᠢ ᠬᠠᠩᠭ᠋ᠠᠭᠰᠠᠨ ᠬᠦᠮᠦᠨ᠎ᠤ ᠨᠢᠭᠤᠴᠠ ᠵᠢ ᠴᠢᠩᠭ᠎ᠠ ᠬᠠᠮᠠᠭ᠋ᠠᠯᠠᠨ᠎ᠠ᠃

      ᠲᠠᠪᠤ᠂ ᠲᠤᠰ ᠮᠡᠳᠡᠭᠳᠡᠯ᠎ᠢ ᠨᠡᠶ᠋ᠢᠲᠡᠯᠡᠭᠰᠡᠨ ᠡᠳᠦᠷ᠎ᠠᠴᠠ ᠡᠬᠢᠯᠡᠨ ᠬᠡᠷᠡᠭᠵᠢᠭᠦᠯᠦᠨ᠎ᠡ᠃

                      ᠡᠷᠭᠦᠨ᠎ᠡ ᠬᠤᠲᠠ ᠵᠢᠨ ᠠᠷᠠᠳ᠎ᠤᠨ ᠵᠠᠰᠠᠭ᠎ᠤᠨ ᠤᠷᠳᠤᠨ

                                   2022 ᠤᠨ᠎ᠤ 4 ᠳ᠋ᠦ᠍ᠭᠡᠷ ᠰᠠᠷ᠎ᠠ ᠵᠢᠨ 25᠎ᠤ ᠡᠳᠦᠷ
 

ᠢᠷᠡᠯᠲᠡ᠄ ᠡᠷᠭᠦᠨ᠎ᠡ ᠬᠤᠲᠠ ᠵᠢᠨ ᠠᠷᠠᠳ᠎ᠤᠨ ᠵᠠᠰᠠᠭ᠎ᠤᠨ ᠤᠷᠳᠤᠨ
          
ᠬᠠᠮᠢᠶ᠎ᠡ ᠪᠦᠬᠦᠢ ᠰᠣᠨᠢᠨ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠶ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ ᠵᠢᠨ ᠣᠶ ᠮᠣᠳᠣᠨ᠎ᠤ ᠦᠷ᠎ᠡ ᠦᠢ᠍ᠯᠡᠳᠪᠦᠷᠢᠯᠡᠵᠦ ᠡᠵᠡᠩᠨᠡᠬᠦ ᠵᠥᠪᠰᠢᠶᠡᠷᠡᠯ᠎ᠤᠨ ᠦᠨᠡᠮᠯᠡᠯ᠎ᠢ ᠬᠦᠴᠦᠨ ᠥᠬᠡᠶ ᠪᠣᠯᠭ᠋ᠠᠬᠤ ᠲᠤᠬᠠᠶ ᠠᠯᠪᠠᠨ ᠵᠠᠷ (2022 ᠣᠨ᠎ᠤ 1 - 6 ᠳ᠋ᠤᠭ᠋ᠠᠷ ᠰᠠᠷ᠎ᠠ)
ᠲᠣᠭᠣᠷᠢᠨ ᠪᠠᠶ᠋ᠢᠴᠠᠭ᠋ᠠᠬᠤ ᠠᠯᠪᠠᠨ ᠵᠠᠷ
ᠣᠢ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ ᠵᠢᠨ ᠣᠢ ᠰᠢᠭᠤᠶ ᠡᠪᠡᠰᠦᠨ᠎ᠤ ᠦᠷ᠎ᠡ ᠵᠢᠨ ᠦᠢ᠍ᠯᠡᠳᠪᠦᠷᠢᠯᠡᠯ ᠡᠵᠡᠩᠨᠡᠯᠲᠡ ᠵᠢᠨ ᠰᠤᠭᠤᠴᠢᠨ ᠪᠠᠢ᠌ᠴᠠᠭ᠋ᠠᠯᠳᠠ ᠵᠢᠨ ᠦᠷ᠎ᠡ ᠳ᠋ᠦᠩ᠎ᠤᠨ ᠮᠡᠳᠡᠭᠳᠡᠯ᠎ᠤᠨ ᠪᠢᠴᠢᠭ
2021 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠢᠨᠠᠨ ᠪᠠᠲᠤᠯᠠᠭᠰᠠᠨ ᠡᠪᠡᠰᠦᠨ᠎ᠤ ᠡᠭᠦᠯᠳᠡᠷ᠎ᠤᠨ ᠨᠠᠷᠡᠰ᠎ᠤᠨ ᠵᠢᠭᠰᠠᠭ᠋ᠠᠯᠲᠠ ᠵᠢᠨ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠶ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ ᠵᠢᠨ ᠠᠯᠪᠠᠨ ᠵᠠᠷ
ᠶᠢᠰᠦᠳᠦᠭᠡᠷ ᠬᠤᠭᠤᠴᠠᠭ᠋ᠠᠨ᠎ᠤ 《ᠤᠯᠤᠰ᠎ᠤᠨ ᠨᠤᠲᠤᠭ ᠳᠡᠪᠢᠰᠬᠡᠷ᠎ᠤᠨ ᠨᠣᠭᠣᠭ᠋ᠠᠷᠠᠭᠤᠯᠤᠯᠲᠠ᠎ᠳᠤ ᠬᠤᠪᠢ ᠨᠡᠮᠡᠷᠢ ᠦᠵᠡᠭᠦᠯᠦᠭᠰᠡᠨ ᠢᠷᠠᠭᠤ ᠠᠯᠳᠠᠷᠲᠦ ᠱᠠᠩᠨᠠᠯ》᠎ᠢ ᠰᠢᠯᠭ᠋ᠠᠷᠠᠭᠤᠯᠤᠨ ᠬᠥᠬᠢᠭᠦᠯᠬᠦ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠶ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ ᠵᠢᠨ ᠲᠠᠨᠢᠯᠴᠠᠭᠤᠯᠬᠤ᠎ᠪᠠᠷ ᠪᠠᠶ᠋ᠢᠭ᠎ᠠ ᠨᠠᠷᠡᠰ᠎ᠤᠨ ᠵᠢᠭᠰᠠᠭ᠋ᠠᠯᠲᠠ ᠵᠢ ᠨᠡᠢ᠌ᠲᠡᠯᠡᠪᠡ
 
             蒙ICP备05000248号