ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠠᠯᠪᠠᠨ ᠨᠡᠶ᠋ᠢᠲᠡᠯᠡᠯ
ᠪᠥᠬᠥ ᠣᠷᠣᠨ᠎ᠤ ᠣᠷᠣᠨ ᠰᠠᠭᠤᠴᠠ ᠵᠢᠨ ᠪᠥᠲᠥᠭᠡᠨ ᠪᠠᠶ᠋ᠢᠭᠤᠯᠤᠯᠲᠠ ᠪᠠ ᠠᠮᠢ ᠠᠬᠤᠶ ᠣᠷᠴᠢᠨ ᠲᠣᠭᠣᠷᠢᠨ᠎ᠤ ᠬᠦᠷᠢᠶᠡᠨ᠎ᠳᠠᠬᠢ ᠬᠠᠤᠯᠢ᠎ᠠᠴᠠ ᠵᠥᠷᠢᠴᠡᠭᠰᠡᠨ ᠠᠰᠠᠭᠤᠳᠠᠯ᠎ᠢ ᠲᠥᠪᠯᠡᠷᠡᠭᠦᠯᠦᠨ ᠴᠡᠭᠴᠡᠯᠡᠨ ᠵᠠᠰᠠᠬᠤ ᠲᠤᠰᠬᠠᠶ ᠠᠵᠢᠯᠯᠠᠭ᠎ᠠ ᠵᠢᠨ ᠰᠦᠪᠡᠭᠴᠢ ᠵᠢ ᠢᠯᠡᠴᠢᠯᠡᠨ ᠮᠡᠳᠡᠭᠦᠯᠬᠦ ᠠᠷᠭ᠎ᠠ ᠵᠠᠮ᠎ᠢ ᠪᠠᠶ᠋ᠢᠭᠤᠯᠬᠤ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠶ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ ᠵᠢᠨ ᠠᠯᠪᠠᠨ ᠵᠠᠷ
ᠨᠡᠶ᠋ᠢᠲᠡᠯᠡᠭᠰᠡᠨ ᠴᠠᠭ᠄ 2024-06-19

    
    ᠪᠥᠬᠥ ᠣᠷᠣᠨ᠎ᠤ ᠣᠷᠣᠨ ᠰᠠᠭᠤᠴᠠ ᠬᠣᠲᠠ ᠬᠥᠳᠡᠭᠡ ᠵᠢᠨ ᠪᠥᠲᠥᠭᠡᠨ ᠪᠠᠶ᠋ᠢᠭᠤᠯᠤᠯᠲᠠ ᠪᠠ ᠠᠮᠢ ᠠᠬᠤᠶ ᠣᠷᠴᠢᠨ ᠲᠣᠭᠣᠷᠢᠨ᠎ᠤ ᠬᠦᠷᠢᠶᠡᠨ᠎ᠳᠠᠬᠢ ᠬᠠᠤᠯᠢ᠎ᠠᠴᠠ ᠵᠥᠷᠢᠴᠡᠭᠰᠡᠨ ᠠᠰᠠᠭᠤᠳᠠᠯ᠎ᠢ ᠲᠥᠪᠯᠡᠷᠡᠭᠦᠯᠦᠨ ᠴᠡᠭᠴᠡᠯᠡᠨ ᠵᠠᠰᠠᠬᠤ ᠲᠤᠰᠬᠠᠶ ᠠᠵᠢᠯᠯᠠᠭ᠎ᠠ ᠵᠢᠨ ᠬᠡᠷᠡᠭᠵᠢᠭᠦᠯᠬᠦ ᠲᠥᠰᠦᠯ᠎ᠤᠨ ᠬᠣᠯᠪᠣᠭᠳᠠᠯ ᠪᠥᠬᠥᠶ ᠱᠠᠭ᠋ᠠᠷᠳᠠᠯᠭ᠎ᠠ ᠶᠣᠰᠣᠭ᠋ᠠᠷ᠂ ᠣᠶ ᠰᠢᠭᠤᠶ ᠨᠤᠲᠤᠭ ᠪᠡᠯᠴᠢᠭᠡᠷ᠎ᠢ ᠡᠪᠳᠡᠵᠦ ᠰᠦᠢ᠍ᠳᠬᠡᠭᠰᠡᠨ ᠬᠠᠤᠯᠢ᠎ᠠᠴᠠ ᠵᠥᠷᠢᠴᠡᠭᠰᠡᠨ ᠦᠢ᠍ᠯᠡ ᠠᠵᠢᠯᠯᠠᠭ᠎ᠠ ᠵᠢ ᠤᠯᠠᠮ ᠨᠢᠭᠡ ᠠᠯᠬᠤᠮ ᠴᠡᠭᠴᠡᠯᠡᠨ ᠵᠠᠰᠠᠵᠤ᠂ ᠲᠤᠰᠬᠠᠶ ᠠᠵᠢᠯᠯᠠᠭ᠎ᠠ ᠵᠢᠨ ᠪᠣᠳᠠᠲᠤ ᠦᠷ᠎ᠡ ᠪᠦᠲᠦᠮᠵᠢ ᠤᠯᠬᠤ ᠵᠢ ᠦᠨᠡᠨ ᠬᠦ᠌ ᠪᠠᠲᠤᠯᠠᠨ᠎ᠠ᠂ ᠣᠲᠣ ᠠᠰᠠᠭᠤᠳᠠᠯ᠎ᠤᠨ ᠰᠦᠪᠡᠭᠴᠢ ᠵᠢ ᠨᠡᠶ᠋ᠢᠲᠡᠯᠡᠵᠦ ᠢᠯᠡᠴᠢᠯᠡᠨ ᠵᠠᠭ᠋ᠠᠯᠳᠤᠬᠤ ᠤᠲᠠᠰᠤ ᠪᠠ ᠢᠮᠧᠯ᠎ᠢ ᠨᠡᠶ᠋ᠢᠲᠡᠯᠡᠶ᠎ᠡ᠄
    ᠨᠢᠭᠡ᠂ ᠢᠯᠡᠴᠢᠯᠡᠨ ᠮᠡᠳᠡᠭᠦᠯᠦᠯᠲᠡ ᠵᠢ ᠬᠦᠯᠢᠶᠡᠨ ᠠᠪᠴᠤ ᠰᠢᠢ᠍ᠳᠪᠦᠷᠢᠯᠡᠬᠦ ᠬᠡᠪᠴᠢᠶ᠎ᠡ
    (ᠨᠢᠭᠡ) ᠠᠵᠤ ᠦᠢ᠍ᠯᠡᠳᠪᠦᠷᠢ ᠵᠢᠨ ᠬᠦᠷᠢᠶᠡᠯᠡᠩ ᠲᠣᠭᠣᠷᠢᠭ (ᠨᠡᠭᠡᠭᠡᠯᠲᠡ ᠵᠢᠨ ᠲᠣᠭᠣᠷᠢᠭ)᠂ ᠠᠭᠤᠷᠬᠠᠶ ᠵᠢᠨ ᠭᠠᠷᠤᠯᠲᠠ ᠵᠢᠨ ᠡᠬᠢ ᠪᠠᠶᠠᠯᠢᠭ᠎ᠢ ᠨᠡᠭᠡᠭᠡᠨ ᠠᠰᠢᠭᠯᠠᠬᠤ᠂ ᠡᠯ᠎ᠡ ᠲᠥᠷᠥᠯ᠎ᠤᠨ ᠪᠠᠷᠢᠯᠭ᠎ᠠ ᠵᠢᠨ ᠪᠦᠲᠦᠭᠡᠨ ᠪᠠᠶ᠋ᠢᠭᠤᠯᠤᠯᠲᠠ᠎ᠨᠢ ᠬᠠᠤᠯᠢ ᠲᠣᠭᠲᠠᠭ᠋ᠠᠯ᠎ᠠᠴᠠ ᠵᠥᠷᠢᠴᠡᠨ ᠣᠶ᠋ᠢᠲᠤ ᠭᠠᠵᠠᠷ ᠨᠤᠲᠤᠭ ᠪᠡᠯᠴᠢᠭᠡᠷ᠎ᠢ ᠡᠵᠡᠯᠡᠨ ᠬᠡᠷᠡᠭᠯᠡᠵᠦ᠂ ᠳᠤᠲᠠᠭᠤ ᠵᠥᠪᠰᠢᠶᠡᠷᠡᠭᠦᠯᠦᠭᠡᠳ ᠢᠯᠡᠭᠦᠦ ᠡᠵᠡᠯᠡᠵᠦ᠂ ᠵᠥᠪᠰᠢᠶᠡᠷᠡᠭᠰᠡᠨ ᠬᠦᠷᠢᠶ᠎ᠡ ᠬᠡᠪᠴᠢᠶ᠎ᠡ ᠶᠣᠰᠣᠭ᠋ᠠᠷ ᠣᠶ᠋ᠢᠲᠤ ᠭᠠᠵᠠᠷ ᠨᠤᠲᠤᠭ ᠪᠡᠯᠴᠢᠭᠡᠷ᠎ᠢ ᠬᠡᠷᠡᠭᠯᠡᠭᠰᠡᠨ ᠥᠬᠡᠶ᠃
    (ᠬᠣᠶᠠᠷ) ᠬᠠᠦᠯᠢ ᠲᠣᠭᠲᠠᠭ᠋ᠠᠯ᠎ᠢ ᠵᠥᠷᠢᠴᠡᠨ ᠣᠶ᠋ᠢᠲᠤ ᠭᠠᠵᠠᠷ ᠨᠤᠲᠤᠭ ᠪᠡᠯᠴᠢᠭᠡᠷ᠎ᠢ ᠬᠠᠭ᠋ᠠᠯᠪᠤᠷᠢᠯᠠᠵᠤ᠂ ᠬᠣᠯᠪᠣᠭᠳᠠᠯ ᠪᠥᠬᠥᠶ ᠲᠥᠷᠥ ᠵᠢᠨ ᠪᠣᠳᠣᠯᠭ᠎ᠠ ᠶᠣᠰᠣᠭ᠋ᠠᠷ ᠤᠷᠭᠤᠮᠠᠯ᠎ᠤᠨ ᠬᠤᠴᠢᠯᠭ᠎ᠠ ᠪᠠ ᠣᠶ ᠰᠢᠭᠤᠶ ᠨᠤᠲᠤᠭ ᠪᠡᠯᠴᠢᠭᠡᠷ᠎ᠢ ᠴᠠᠭ ᠲᠤᠬᠠᠶ᠎ᠳᠤᠨᠢ ᠰᠡᠷᠭᠦᠭᠡᠭᠰᠡᠨ ᠥᠬᠡᠶ᠃
    (ᠭᠤᠷᠪᠠ) ᠲᠦᠷ ᠴᠠᠭ ᠡᠵᠡᠯᠡᠨ ᠬᠡᠷᠡᠭᠯᠡᠬᠦ ᠨᠡᠷ᠎ᠡ᠎ᠪᠠᠷ ᠣᠶ᠋ᠢᠲᠤ ᠭᠠᠵᠠᠷ ᠨᠤᠲᠤᠭ ᠪᠡᠯᠴᠢᠭᠡᠷ᠎ᠢ ᠬᠡᠷᠡᠭᠯᠡᠬᠦ  ᠭᠦᠢ᠍ᠴᠡᠳᠬᠡᠯ᠎ᠢ ᠭᠦᠢ᠍ᠴᠡᠳᠬᠡᠵᠦ᠂ ᠬᠤᠭᠤᠴᠠᠭ᠎ᠠ᠎ᠨᠢ ᠬᠡᠲᠤᠷᠡᠭᠰᠡᠨ ᠴᠤ᠌ ᠪᠤᠴᠠᠭ᠋ᠠᠭᠰᠠᠨ ᠦᠭᠡᠢ᠃
    (ᠲᠦᠷᠪᠡ) ᠮᠣᠳᠣ ᠣᠭᠲᠣᠯᠬᠤ ᠭᠠᠷ ᠭᠦᠢ᠍ᠴᠡᠳᠬᠡᠯ ᠬᠢᠭᠰᠡᠨ ᠦᠭᠡᠢ᠎ᠪᠠᠷ ᠣᠶ᠋ᠢᠲᠤ ᠭᠠᠵᠠᠷ ᠳᠡᠭᠡᠷᠡᠬᠢ ᠤᠢ ᠮᠣᠳᠣ ᠵᠢ ᠳᠤᠷ᠎ᠠ᠎ᠪᠠᠷ ᠵᠶ᠋ᠠᠨ ᠬᠤᠯᠠᠭ᠋ᠠᠶ᠋ᠢᠯᠠᠨ ᠣᠭᠲᠣᠯᠤᠭᠰᠠᠨ᠂ ᠳᠤᠷ᠎ᠠ᠎ᠪᠠᠷ ᠵᠶ᠋ᠠᠨ ᠣᠭᠲᠣᠯᠤᠭᠰᠠᠨ᠂ ᠡᠪᠳᠡᠵᠦ ᠰᠦᠢ᠍ᠳᠬᠡᠭᠰᠡᠨ᠂ ᠮᠣᠳᠣ ᠣᠭᠲᠣᠯᠤᠭᠰᠠᠨ ᠭᠠᠵᠠᠷ᠎ᠢ ᠴᠠᠭ ᠲᠤᠬᠠᠢ᠎ᠳᠤᠨᠢ  ᠰᠢᠨᠡᠭᠬᠡᠭᠰᠡᠨ ᠦᠭᠡᠢ ᠵᠡᠷᠭᠡ ᠠᠵᠢᠯᠯᠠᠭ᠎ᠠ ᠬᠢᠭᠰᠡᠨ᠃
    (ᠲᠠᠪᠤ) ᠣᠶ᠋ᠢᠲᠤ ᠭᠠᠵᠠᠷ ᠨᠤᠲᠤᠭ ᠪᠡᠯᠴᠢᠭᠡᠷ᠎ᠲᠤ ᠠᠶᠤᠯᠲᠠᠶ ᠪᠣᠳᠠᠰ ᠭᠠᠳᠠᠭᠰᠢᠯᠠᠭᠤᠯᠤᠭᠰᠠᠨ᠂ ᠬᠣᠭ ᠨᠣᠪᠰᠢ ᠬᠠᠶᠠᠭᠰᠠᠨ᠂ ᠣᠶ᠋ᠢᠲᠤ ᠭᠠᠵᠠᠷ ᠨᠤᠲᠤᠭ ᠪᠡᠯᠴᠢᠭᠡᠷ᠎ᠢ ᠪᠤᠬᠢᠷᠳᠠᠭᠤᠯᠤᠭᠰᠠᠨ ᠵᠡᠷᠭᠡ᠃
    ᠬᠣᠶᠠᠷ᠂ ᠢᠯᠡᠴᠢᠯᠡᠨ ᠮᠡᠳᠡᠭᠦᠯᠬᠦ ᠠᠷᠭ᠎ᠠ ᠵᠠᠮ
    (ᠨᠢᠭᠡ) ᠢᠯᠡᠴᠢᠯᠡᠨ ᠵᠠᠭ᠋ᠠᠯᠳᠤᠬᠤ ᠤᠲᠠᠰᠤ᠄ 0471 - 3380338
              0471- 380433 (ᠠᠵᠢᠯᠯᠠᠬᠤ ᠡᠳᠦᠷ ᠢᠯᠡᠴᠢᠯᠡᠨ ᠮᠡᠳᠡᠭᠦᠯᠡᠭᠡᠷᠡᠢ)
    (ᠬᠣᠶᠠᠷ) ᠢᠯᠡᠴᠢᠯᠡᠨ ᠮᠡᠳᠡᠭᠦᠯᠬᠦ ᠢᠮᠧᠯ᠄ lcjzxbgs @ 163 . com᠃
    (ᠭᠤᠷᠪᠠ) ᠢᠯᠡᠴᠢᠯᠡᠨ ᠮᠡᠳᠡᠭᠦᠯᠬᠦ ᠵᠦᠢ᠍ᠯᠡᠰ᠎ᠢ ᠬᠦᠯᠢᠶᠡᠨ ᠠᠪᠬᠤ ᠭᠠᠵᠠᠷ (ᠵᠠᠬᠢᠳᠠᠯ)᠄ ᠬᠥᠬᠡᠬᠣᠲᠠ ᠵᠢᠨ ᠰᠠᠶ᠋ᠢᠬᠠᠨ ᠲᠣᠭᠣᠷᠢᠭ᠎ᠤᠨ ᠰᠢᠨ ᠵᠢᠶᠠᠨ ᠵᠡᠭᠦᠨ ᠵᠡᠭᠡᠯᠢ ᠵᠢᠨ 23 ᠳ᠋ᠤᠭ᠋ᠠᠷ
     ᠥᠷᠭᠡᠨ ᠤᠯᠠᠨ ᠠᠷᠠᠳ ᠲᠦᠮᠡᠨ᠎ᠤ ᠬᠢᠨᠠᠯᠲᠠ ᠲᠠᠯᠪᠢᠬᠤ ᠵᠢᠨ ᠬᠠᠮᠲᠤ ᠠᠰᠠᠭᠤᠳᠠᠯ᠎ᠢ ᠦᠨᠡᠨ ᠮᠥᠨ ᠵᠶ᠋ᠠᠷ᠎ᠨᠢ ᠲᠤᠰᠬᠠᠬᠤ ᠵᠢ ᠪᠠᠶᠠᠷᠯᠠᠨ ᠤᠭᠲᠤᠵᠤ ᠪᠠᠶ᠋ᠢᠨ᠎ᠠ᠃ ᠲᠡᠷᠡᠴᠢᠯᠡᠨ ᠬᠣᠯᠪᠣᠭᠳᠠᠯ ᠪᠦᠬᠦᠢ ᠠᠰᠠᠭᠤᠳᠠᠯ᠎ᠤᠨ ᠪᠣᠳᠠᠲᠤ ᠪᠠᠶ᠋ᠢᠳᠠᠯ ᠪᠠ ᠭᠡᠷᠡᠴᠢ ᠪᠠᠷᠢᠮᠲᠠ ᠵᠢ ᠠᠯᠢ ᠴᠢᠳᠠᠬᠤ᠎ᠪᠠᠷ ᠦᠨᠡᠨ ᠮᠥᠨ ᠵᠶ᠋ᠠᠷ᠎ᠨᠢ ᠬᠠᠩᠭ᠋ᠠᠬᠤ ᠬᠡᠷᠡᠭᠲᠡᠢ᠂ ᠵᠢᠱ᠌ᠢᠶᠡᠯᠡᠪᠡᠯ ᠡᠭᠦᠰᠦᠭᠰᠡᠨ ᠴᠠᠭ᠂ ᠭᠠᠵᠠᠷ᠂ ᠬᠣᠯᠪᠣᠭᠳᠠᠭᠰᠠᠨ ᠨᠢᠭᠡᠴᠢ ᠪᠠ ᠬᠤᠪᠢ ᠬᠥᠮᠦᠨ᠂ ᠪᠠᠶ᠋ᠢᠳᠠᠯ᠎ᠢ ᠮᠡᠳᠡᠬᠦ ᠬᠥᠮᠦᠨ ᠵᠢᠴᠢ ᠪᠣᠳᠠᠰ᠎ᠤᠨ ᠭᠡᠷᠡᠴᠢ ᠵᠡᠷᠭᠡ ᠪᠣᠯᠤᠨ᠎ᠠ᠃ ᠢᠯᠡᠴᠢᠯᠡᠨ ᠮᠡᠳᠡᠭᠦᠯᠦᠭᠴᠢ ᠲᠤᠰᠬᠠᠭᠰᠠᠨ ᠠᠰᠠᠭᠤᠳᠠᠯ᠎ᠤᠨ ᠵᠶ᠋ᠠᠨ ᠦᠨᠡᠨ ᠪᠣᠳᠠᠲᠤ ᠴᠢᠨᠠᠷ᠎ᠲᠤ ᠬᠠᠷᠢᠭᠤᠴᠠᠬᠤ ᠬᠡᠷᠡᠭᠲᠡᠶ᠂ ᠪᠣᠳᠠᠲᠤ ᠬᠡᠷᠡᠭ᠎ᠢ ᠬᠡᠲᠦᠷᠡᠭᠦᠯᠬᠦ ᠪᠤᠶᠤ ᠭᠠᠵᠢᠭᠤᠳᠠᠭᠤᠯᠵᠤ ᠪᠣᠯᠬᠤ ᠥᠬᠡᠶ᠂ ᠪᠤᠰᠤᠳ᠎ᠢ ᠭᠦᠳᠬᠡᠨ ᠵᠠᠭ᠋ᠠᠯᠳᠤᠵᠤ ᠪᠣᠯᠬᠤ ᠥᠬᠡᠶ᠃ ᠵᠣᠷᠢᠭᠤᠳᠠ ᠬᠡᠷᠡᠭ ᠤᠴᠢᠷ ᠵᠣᠬᠢᠶᠠᠵᠤ ᠪᠤᠰᠤᠳ᠎ᠢ ᠭᠦᠳᠬᠡᠨ ᠭᠦᠵᠢᠷᠯᠡᠭᠰᠡᠨ ᠪᠠᠶ᠋ᠢᠪᠠᠯ᠂ ᠬᠣᠯᠪᠣᠭᠳᠠᠯ ᠪᠦᠬᠦᠢ ᠲᠣᠭᠲᠠᠭ᠋ᠠᠯ ᠶᠣᠰᠣᠭ᠋ᠠᠷ ᠴᠢᠩᠭ᠎ᠠ ᠰᠢᠢ᠍ᠳᠪᠦᠷᠢᠯᠡᠨ᠎ᠡ᠃
  



                ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ

                 ᠣᠢ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ
                    2024 ᠣᠨ᠎ᠤ 6 ᠳ᠋ᠤᠭ᠋ᠠᠷ ᠰᠠᠷ᠎ᠠ ᠵᠢᠨ 18᠎ᠤ ᠡᠳᠦᠷ

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠢ ᠰᠢᠭᠤᠢ ᠪᠠ ᠨᠤᠳᠤᠭ ᠪᠡᠯᠴᠢᠭᠡᠷ᠎ᠤᠨ ᠲᠤᠪᠴᠢᠶ᠎ᠠ
          
ᠬᠠᠮᠢᠶ᠎ᠡ ᠪᠦᠬᠦᠢ ᠰᠣᠨᠢᠨ
ᠣᠶ ᠰᠢᠭᠤᠢ ᠨᠤᠲᠤᠭ ᠪᠡᠯᠴᠢᠭᠡᠷ᠎ᠤᠨ ᠦᠷ᠎ᠡ ᠦᠢ᠍ᠯᠡᠳᠪᠦᠷᠢᠯᠡᠵᠦ ᠡᠵᠡᠩᠨᠡᠬᠦ ᠵᠥᠪᠰᠢᠶᠡᠷᠡᠯ᠎ᠤᠨ ᠰᠤᠭᠤᠴᠢᠨ ᠪᠠᠶ᠋ᠢᠴᠠᠭ᠋ᠠᠭᠰᠠᠨ ᠦᠷ᠎ᠡ ᠳ᠋ᠦᠩ᠎ᠢ ᠮᠡᠳᠡᠭᠳᠡᠬᠦ ᠪᠢᠴᠢᠭ
ᠲᠥᠪ᠎ᠤᠨ ᠠᠮᠢ ᠠᠬᠤᠶ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠰᠢᠮᠳᠠᠭᠤᠯᠤᠨ ᠪᠠᠶ᠋ᠢᠴᠠᠭ᠋ᠠᠵᠤ ᠴᠡᠭᠴᠡᠯᠡᠨ ᠰᠠᠶ᠋ᠢᠵᠢᠷᠠᠭᠤᠯᠬᠤ ᠡᠭᠦᠷᠭᠡ ᠵᠢᠨ ᠳ᠋ᠤᠭ᠋ᠠᠷ᠎ᠢ ᠬᠠᠰᠤᠬᠤ ᠲᠤᠬᠠᠶ ᠵᠠᠷᠯᠠᠯ
《ᠡᠯ᠎ᠡ ᠲᠠᠯ᠎ᠠ ᠵᠢᠨ ᠢᠳᠡᠪᠬᠢᠵᠢᠯ᠎ᠢ ᠭᠦᠢ᠍ᠴᠡᠳ ᠳᠠᠶ᠋ᠢᠴᠢᠯᠠᠵᠤ ᠬᠦᠴᠦ᠎ᠪᠠᠨ ᠬᠠᠮᠲᠤᠳᠬᠠᠨ 〈ᠤᠮᠠᠷᠠᠲᠤ ᠵᠢᠨ ᠭᠤᠷᠪᠠᠨ ᠤᠷᠤᠨ〉 ᠎ᠤ ᠢᠨᠵᠧᠨᠧᠷᠢᠩ᠎ᠤᠨ ᠪᠣᠭᠣᠮᠲᠠ ᠰᠢᠪᠲᠤᠯᠬᠤ ᠳᠠᠶ᠋ᠢᠯᠠᠯᠳᠤᠭ᠋ᠠᠨ᠎ᠢ ᠰᠠᠶ᠋ᠢᠲᠤᠷ ᠬᠢᠬᠦ ᠲᠤᠬᠠᠶ ᠰᠠᠨᠠᠯ》 ᠨᠡᠶ᠋ᠢᠭᠡᠮ᠎ᠤᠨ ᠲᠣᠭᠲᠠᠭᠤᠨ᠎ᠤ ᠲᠦᠭᠰᠢᠭᠦᠷᠢ ᠵᠢ ᠦᠨᠡᠯᠡᠨ ᠵᠢᠱ᠌ᠢᠬᠦ ᠭᠡᠷᠡᠴᠢᠯᠡᠭᠡ ᠰᠣᠨᠣᠰᠬᠤ ᠬᠤᠷᠠᠯ᠎ᠤᠨ ᠠᠯᠪᠠᠨ ᠵᠠᠷ
ᠤᠯᠤᠰ᠎ᠤᠨ ᠣᠶ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ ᠵᠢᠨ ᠠᠯᠪᠠᠨ ᠵᠠᠷ 2024 ᠣᠨ᠎ᠤ 10 ᠳ᠋ᠤᠭ᠋ᠠᠷ ᠲᠣᠭ᠋ᠠᠲᠤ
2024 ᠣᠨ᠎ᠤ ᠡᠪᠡᠰᠦᠨ᠎ᠤ ᠡᠭᠦᠯᠳᠡᠷ᠎ᠤᠨ ᠬᠢᠨᠠᠨ ᠲᠤᠭᠲᠠᠭ᠋ᠠᠬᠤ ᠮᠡᠳᠡᠬᠦᠯᠦᠯᠳᠡ ᠵᠢᠨ ᠠᠵᠢᠯ᠎ᠢ ᠰᠠᠶ᠋ᠢᠲᠤᠷ ᠬᠢᠬᠦ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠪᠡᠰᠦᠨ ᠡᠭᠦᠯᠳᠡᠷ᠎ᠢ ᠬᠢᠨᠠᠨ ᠲᠣᠭᠲᠠᠭ᠋ᠠᠬᠤ ᠬᠤᠷᠠᠯ᠎ᠤᠨ ᠮᠡᠳᠡᠭᠳᠡᠯ
 
             蒙ICP备05000248号