ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠠᠯᠪᠠᠨ ᠨᠡᠶ᠋ᠢᠲᠡᠯᠡᠯ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠤᠲᠤᠭ ᠪᠡᠯᠴᠢᠭᠡᠷ᠎ᠤᠨ ᠳᠠᠭ᠋ᠠᠳᠬᠠᠯ᠎ᠤᠨ ᠲᠤᠷᠰᠢᠯᠲᠠ ᠵᠢᠨ ᠬᠡᠷᠡᠭᠵᠢᠭᠦᠯᠬᠦ ᠲᠥᠰᠦᠯ (2025—2027 ᠣᠨ)》᠎ᠢ ᠳᠠᠷᠤᠮᠠᠯᠯᠠᠨ ᠲᠠᠷᠬᠠᠭ᠋ᠠᠪᠠ
ᠨᠡᠶ᠋ᠢᠲᠡᠯᠡᠭᠰᠡᠨ ᠴᠠᠭ᠄ 2025-04-14


   《ᠥᠪᠥᠷ ᠮᠣᠩᠭᠣᠯ᠎ᠤᠨ ᠴᠢᠨᠠᠷ ᠰᠠᠶ᠋ᠢᠲᠠᠶ ᠬᠥᠭᠵᠢᠯᠲᠡ ᠵᠢ ᠠᠬᠢᠭᠤᠯᠬᠤ ᠲᠤᠬᠠᠶ ᠲᠥᠷᠥ ᠵᠢᠨ ᠶᠠᠪᠤᠳᠠᠯ᠎ᠤᠨ ᠬᠣᠷᠢᠶᠠᠨ᠎ᠤ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠵᠢᠨ ᠰᠢᠨ᠎ᠡ ᠬᠠᠭᠤᠳᠠᠰᠤ ᠵᠢ ᠪᠢᠴᠢᠭᠯᠡᠬᠦ ᠲᠤᠬᠠᠶ ᠰᠠᠨᠠᠯ》 (ᠲᠥᠷᠥ ᠲᠠᠷᠬᠠᠭ᠋ᠠᠭᠰᠠᠨ [2023]16 ᠳ᠋ᠤᠭ᠋ᠠᠷ ᠲᠣᠭ᠋ᠠᠲᠤ)᠎ᠳᠠᠬᠢ 《ᠥᠪᠥᠷ ᠮᠣᠩᠭᠣᠯ᠎ᠤᠨ ᠪᠡᠶ᠎ᠡ᠎ᠪᠠᠨ ᠳᠠᠭ᠋ᠠᠭ᠋ᠠᠵᠤ ᠨᠤᠲᠤᠭ ᠪᠡᠯᠴᠢᠭᠡᠷ᠎ᠤᠨ ᠳᠠᠭ᠋ᠠᠳᠬᠠᠯ᠎ᠤᠨ ᠲᠤᠷᠰᠢᠯᠲᠠ ᠥᠷᠨᠢᠭᠦᠯᠬᠦ ᠵᠢ ᠳᠡᠮᠵᠢᠬᠦ》 ᠬᠣᠯᠪᠣᠭᠳᠠᠯ ᠪᠥᠬᠥᠶ ᠵᠣᠷᠢᠭ ᠰᠠᠨᠠᠭ᠎ᠠ ᠵᠢ ᠭᠦᠨᠵᠡᠭᠡᠶ ᠲᠤᠤᠱᠯᠠᠭᠤᠯᠤᠨ ᠨᠠᠶ᠋ᠢᠳᠠᠪᠤᠷᠢᠵᠢᠭᠤᠯᠬᠤ ᠵᠢᠨ ᠲᠥᠯᠥᠭᠡ᠂ ᠣᠶ᠋ᠢᠷ᠎ᠠ᠎ᠳᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠶ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ ᠪᠣᠯᠤᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠳ᠋᠎ᠤᠨ ᠵᠠᠰᠠᠭ᠎ᠤᠨ ᠲᠢᠩᠬᠢᠮ᠂ ᠥᠪᠥᠷ ᠮᠣᠩᠭᠣᠯ᠎ᠤᠨ ᠮᠥᠩᠭᠥᠨ ᠭᠦᠢ᠍ᠯᠭᠡᠭᠡᠨ᠎ᠤ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ ᠬᠠᠮᠲᠤᠷᠠᠨ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠤᠲᠤᠭ ᠪᠡᠯᠴᠢᠭᠡᠷ᠎ᠤᠨ ᠳᠠᠭ᠋ᠠᠳᠬᠠᠯ᠎ᠤᠨ ᠲᠤᠷᠰᠢᠯᠲᠠ ᠵᠢᠨ ᠬᠡᠷᠡᠭᠵᠢᠭᠦᠯᠬᠦ ᠲᠥᠰᠦᠯ (2025—2027 ᠣᠨ)》᠎ᠢ ᠳᠠᠷᠤᠮᠠᠯᠯᠠᠨ ᠲᠠᠷᠬᠠᠭ᠋ᠠᠪᠠ᠂ ᠡᠨᠡ᠎ᠨᠢ ᠮᠠᠨ᠎ᠤ ᠣᠷᠣᠨ᠎ᠤ ᠨᠤᠲᠤᠭ ᠪᠡᠯᠴᠢᠭᠡᠷ᠎ᠤᠨ ᠳᠠᠭ᠋ᠠᠳᠬᠠᠯ᠎ᠤᠨ ᠲᠤᠷᠰᠢᠯᠲᠠ ᠵᠢᠨ ᠠᠵᠢᠯ ᠰᠢᠨ᠎ᠡ ᠱᠠᠲᠤᠨ᠎ᠳᠤ ᠤᠷᠤᠭᠰᠠᠨ᠎ᠢ ᠬᠠᠷᠠᠭᠤᠯᠵᠤ ᠪᠠᠶ᠋ᠢᠨ᠎ᠠ᠃ 
   《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠤᠲᠤᠭ ᠪᠡᠯᠴᠢᠭᠡᠷ᠎ᠤᠨ ᠳᠠᠭ᠋ᠠᠳᠬᠠᠯ᠎ᠤᠨ ᠲᠤᠷᠰᠢᠯᠲᠠ ᠵᠢᠨ ᠠᠵᠢᠯ᠎ᠤᠨ ᠬᠡᠷᠡᠭᠵᠢᠭᠦᠯᠬᠦ ᠲᠥᠰᠦᠯ (2025—2027 ᠣᠨ)》᠎ᠨᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 2021—2023 ᠣᠨ᠎ᠤ ᠨᠤᠲᠤᠭ ᠪᠡᠯᠴᠢᠭᠡᠷ᠎ᠤᠨ ᠳᠠᠭ᠋ᠠᠳᠬᠠᠯ᠎ᠤᠨ ᠲᠤᠷᠰᠢᠯᠲᠠ ᠵᠢᠨ ᠠᠵᠢᠯ᠎ᠤᠨ ᠲᠤᠷᠰᠢᠯᠭ᠎ᠠ ᠬᠢᠭᠡᠳ ᠣᠷᠣᠰᠢᠵᠤ ᠪᠠᠶ᠋ᠢᠭ᠎ᠠ ᠠᠰᠠᠭᠤᠳᠠᠯ᠎ᠢ ᠪᠦᠬᠦ ᠲᠠᠯ᠎ᠠ᠎ᠪᠠᠷ ᠭᠦᠨᠵᠡᠭᠡᠶ ᠳ᠋ᠦᠩᠨᠡᠭᠰᠡᠨ ᠤᠷᠢᠲᠠᠯ ᠳᠣᠣᠷ᠎ᠠ᠂ ᠠᠰᠠᠭᠤᠳᠠᠯ᠎ᠤᠨ ᠤᠳᠤᠷᠢᠳᠤᠮᠵᠢ᠎ᠳᠤ ᠴᠢᠭᠯᠡᠬᠦᠯᠦᠨ᠂ ᠳᠠᠭ᠋ᠠᠳᠬᠠᠯ᠎ᠤᠨ ᠲᠣᠭᠲᠠᠴᠠ᠂ ᠳᠠᠭ᠋ᠠᠳᠬᠠᠯ᠎ᠤᠨ ᠬᠠᠷᠢᠭᠤᠴᠠᠯᠭ᠎ᠠ ᠪᠠ ᠳᠠᠭ᠋ᠠᠳᠬᠠᠯ᠎ᠤᠨ ᠬᠡᠪᠴᠢᠶ᠎ᠡ ᠵᠡᠷᠭᠡ ᠲᠠᠯ᠎ᠠ᠎ᠪᠠᠷ ᠰᠢᠨ᠎ᠡ ᠡᠭᠦᠳᠦᠯᠲᠡ ᠵᠢᠨ ᠰᠢᠪᠲᠤᠯᠤᠯᠲᠠ ᠵᠢ ᠪᠡᠶᠡᠯᠡᠭᠦᠯᠦᠨ᠎ᠡ᠂ ᠥᠪᠥᠷ ᠮᠣᠩᠭᠣᠯ᠎ᠤᠨ ᠨᠤᠲᠤᠭ ᠪᠡᠯᠴᠢᠭᠡᠷ᠎ᠤᠨ ᠳᠠᠭ᠋ᠠᠳᠬᠠᠯ᠎ᠤᠨ ᠴᠢᠨᠠᠷ ᠰᠠᠶ᠋ᠢᠲᠠᠶ ᠬᠥᠭᠵᠢᠯᠲᠡ ᠵᠢ ᠬᠢᠵᠠᠭ᠋ᠠᠷᠯᠠᠵᠤ ᠪᠠᠶ᠋ᠢᠭ᠎ᠠ ᠬᠦᠴᠦᠨ ᠵᠦᠢ᠍ᠯ᠎ᠢ ᠰᠢᠢ᠍ᠳᠪᠦᠷᠢᠯᠡᠵᠦ᠂ ᠨᠤᠲᠤᠭ ᠪᠡᠯᠴᠢᠭᠡᠷ᠎ᠢ ᠬᠠᠮᠠᠭ᠋ᠠᠯᠠᠬᠤ ᠪᠠ ᠰᠡᠷᠭᠦᠭᠡᠬᠦ ᠵᠢ ᠤᠨᠴᠠᠯᠠᠬᠤ ᠵᠢ ᠪᠠᠷᠢᠮᠳᠠᠯᠠᠵᠤ᠂ ᠬᠡᠪᠴᠢᠶ᠎ᠡ ᠵᠢ ᠥᠷᠭᠡᠳᠬᠡᠬᠦ ᠵᠢ ᠯᠠᠪᠳᠠᠭᠤᠨ ᠪᠥᠭᠡᠳ ᠡᠮᠬᠢ ᠵᠢᠷᠤᠮ᠎ᠲᠠᠢ ᠠᠬᠢᠭᠤᠯᠵᠤ᠂ ᠳᠠᠭ᠋ᠠᠳᠬᠠᠯ᠎ᠤᠨ ᠪᠠᠲᠤᠯᠠᠭ᠎ᠠ ᠵᠢᠨ ᠬᠢᠷᠢ ᠲᠦᠪᠰᠢᠨ᠎ᠢ ᠳᠡᠭᠡᠭᠰᠢᠯᠡᠬᠦᠯᠵᠦ᠂ ᠳᠠᠭ᠋ᠠᠳᠬᠠᠯ᠎ᠤᠨ ᠬᠠᠷᠢᠭᠤᠴᠠᠯᠭ᠎ᠠ ᠵᠢᠨ ᠬᠡᠪᠴᠢᠶ᠎ᠡ ᠵᠢ ᠦᠷᠭᠡᠳᠬᠡᠵᠦ᠂᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠤᠲᠤᠭ ᠪᠡᠯᠴᠢᠭᠡᠷ᠎ᠤᠨ ᠳᠠᠭ᠋ᠠᠳᠬᠠᠯ᠎ᠤᠨ ᠲᠣᠭᠲᠠᠴᠠ ᠵᠢ ᠤᠯᠠᠮ ᠨᠢᠭᠡ ᠠᠯᠬᠤᠮ ᠪᠦᠷᠢᠨᠰᠢᠭᠦᠯᠦᠨ ᠲᠡᠭᠦᠯᠳᠡᠷᠵᠢᠭᠦᠯᠬᠦ᠎ᠳᠤ ᠰᠠᠭᠤᠷᠢ ᠲᠠᠯᠪᠢᠨ᠎ᠠ᠃

    ᠲᠠᠷᠠᠭ᠋ᠠᠴᠢ ᠵᠢᠨ ᠠᠯᠬᠤᠮ᠎ᠳᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠯ᠎ᠡ ᠱᠠᠲᠤᠨ᠎ᠤ ᠣᠶ ᠰᠢᠭᠤᠶ ᠨᠤᠲᠤᠭ ᠪᠡᠯᠴᠢᠭᠡᠷ᠎ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠨᠢ 《ᠡᠳ᠋᠎ᠤᠨ ᠵᠠᠰᠠᠭ᠎ᠠᠴᠠ ᠳᠠᠭ᠋ᠠᠳᠬᠠᠯ᠎ᠤᠨ ᠰᠦᠢ᠍ᠳᠬᠡᠯ᠎ᠳᠤ ᠨᠥᠬᠥᠪᠥᠷᠢ ᠥᠭᠬᠦ᠂ ᠬᠣᠰᠢᠭᠤ ᠰᠢᠶᠠᠨ᠎ᠤ ᠵᠠᠰᠠᠭ᠎ᠤᠨ ᠣᠷᠳᠣᠨ᠎ᠠᠴᠠ ᠵᠣᠬᠢᠶᠠᠨ ᠪᠠᠶ᠋ᠢᠭᠤᠯᠬᠤ᠂ ᠭᠠᠴᠠᠭ᠎ᠠ ᠲᠣᠰᠬᠣᠨ ᠬᠠᠮᠲᠤ᠎ᠪᠠᠷ ᠳᠠᠭ᠋ᠠᠳᠬᠠᠯ᠎ᠳᠤ ᠣᠷᠣᠯᠴᠠᠬᠤ᠂ ᠣᠶ ᠰᠢᠭᠤᠶ ᠨᠤᠲᠤᠭ ᠪᠡᠯᠴᠢᠭᠡᠷ᠎ᠲᠤ ᠮᠡᠷᠭᠡᠵᠢᠯ᠎ᠤᠨ ᠵᠢᠯᠣᠭᠣᠳᠣᠯᠭ᠎ᠠ ᠬᠠᠩᠭ᠋ᠠᠬᠤ᠂ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ᠎ᠠᠴᠠ ᠬᠠᠮᠵᠢᠯᠴᠠᠨ ᠬᠢᠨᠠᠨ ᠬᠠᠮᠢᠶᠠᠷᠬᠤ》 ᠠᠵᠢᠯ᠎ᠤᠨ ᠰᠡᠳᠬᠢᠮᠵᠢ ᠶᠣᠰᠣᠭ᠋ᠠᠷ᠂ ᠲᠤᠷᠰᠢᠯᠲᠠ ᠵᠢᠨ ᠲᠥᠷᠥ ᠵᠢᠨ ᠪᠣᠳᠣᠯᠭ᠎ᠠ ᠵᠢ ᠬᠠᠮᠵᠢᠯᠴᠠᠨ ᠨᠠᠶ᠋ᠢᠳᠠᠪᠤᠷᠢᠵᠢᠭᠤᠯᠵᠤ᠂ ᠬᠠᠮᠢᠶ᠎ᠠ ᠪᠥᠬᠥᠶ ᠰᠠᠯᠠᠭ᠎ᠠ ᠮᠥᠴᠢᠷ᠎ᠲᠠᠢ ᠬᠠᠮᠲᠤ᠎ᠪᠠᠷ ᠬᠦᠴᠦᠯᠡᠵᠦ᠂ ᠨᠤᠲᠤᠭ ᠪᠡᠯᠴᠢᠭᠡᠷ᠎ᠤᠨ ᠠᠮᠢ ᠠᠬᠤᠶ ᠵᠢ ᠬᠠᠮᠠᠭ᠋ᠠᠯᠠᠬᠤ᠂ ᠨᠤᠲᠤᠭ ᠪᠡᠯᠴᠢᠭᠡᠷ᠎ᠤᠨ ᠭᠠᠶ ᠭᠠᠮᠰᠢᠭ᠎ᠢ ᠰᠡᠷᠭᠡᠶ᠋ᠢᠯᠡᠬᠦ᠂ ᠭᠠᠮᠰᠢᠭ᠎ᠤᠨ ᠳᠠᠷᠠᠭ᠋ᠠᠬᠢ ᠰᠡᠷᠭᠦᠯᠲᠡ ᠵᠢ ᠠᠬᠢᠭᠤᠯᠬᠤ ᠳᠠᠭ᠋ᠠᠳᠬᠠᠯ᠎ᠤᠨ ᠪᠠᠲᠤᠯᠠᠭ᠎ᠠ ᠵᠢᠨ ᠰᠢᠰᠲ᠋ᠧᠮᠵᠢ ᠵᠢ ᠦᠷᠭᠦᠯᠵᠢᠯᠡᠨ ᠰᠦᠪᠡᠭᠴᠢᠯᠡᠨ ᠪᠠᠢ᠌ᠭᠤᠯᠵᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠤᠲᠤᠭ ᠪᠡᠯᠴᠢᠭᠡᠷ᠎ᠤᠨ ᠳᠠᠭ᠋ᠠᠳᠬᠠᠯ᠎ᠤᠨ ᠠᠵᠢᠯ᠎ᠤᠨ ᠴᠢᠨᠠᠷ ᠰᠠᠶ᠋ᠢᠲᠠᠶ ᠬᠥᠭᠵᠢᠯᠲᠡ ᠵᠢ ᠦᠷᠭᠦᠯᠵᠢᠯᠡᠨ ᠠᠬᠢᠭᠤᠯᠤᠨ᠎ᠠ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠢ ᠰᠢᠭᠤᠢ ᠪᠠ ᠨᠤᠳᠤᠭ ᠪᠡᠯᠴᠢᠭᠡᠷ᠎ᠤᠨ ᠲᠤᠪᠴᠢᠶ᠎ᠠ
          
ᠬᠠᠮᠢᠶ᠎ᠡ ᠪᠦᠬᠦᠢ ᠰᠣᠨᠢᠨ
2025 ᠣᠨ᠎ᠤ ᠡᠪᠡᠰᠦᠨ᠎ᠤ ᠡᠭᠦᠯᠳᠡᠷ᠎ᠤᠨ ᠡᠬᠡ ᠡᠭᠦᠯᠳᠡᠷ᠎ᠤᠨ ᠬᠠᠳᠠᠭ᠋ᠠᠯᠠᠯᠳᠠ ᠪᠠ ᠦᠷᠡᠵᠢᠬᠦᠯᠦᠯᠲᠡ ᠵᠢᠨ ᠠᠵᠢᠯ᠎ᠢ ᠥᠷᠨᠢᠭᠦᠯᠬᠦ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠪᠡᠰᠦᠨ᠎ᠤ ᠡᠭᠦᠯᠳᠡᠷ᠎ᠤᠨ ᠬᠢᠨᠠᠨ ᠲᠣᠭᠲᠠᠭ᠋ᠠᠬᠤ ᠺᠣᠮᠢᠰ᠎ᠤᠨ ᠠᠯᠪᠠᠨ ᠬᠡᠷ᠎ᠤᠨ ᠮᠡᠳᠡᠭᠳᠡᠯ
ᠲᠥᠪ᠎ᠤᠨ ᠠᠮᠢ ᠠᠬᠤᠶ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠱᠠᠯᠠᠪᠳᠠᠭᠤᠯᠤᠨ ᠪᠠᠶ᠋ᠢᠴᠠᠭ᠋ᠠᠵᠤ ᠴᠡᠭᠴᠡᠯᠡᠨ ᠰᠠᠶ᠋ᠢᠵᠢᠷᠠᠭᠤᠯᠬᠤ ᠡᠭᠦᠷᠭᠡ ᠵᠢᠨ ᠳ᠋ᠤᠭ᠋ᠠᠷ᠎ᠢ ᠬᠠᠰᠤᠬᠤ ᠲᠤᠬᠠᠶ ᠵᠠᠷᠯᠠᠯ (ᠬᠣᠶᠠᠳᠤᠭ᠋ᠠᠷ ᠡᠭᠡᠯᠵᠢ ᠵᠢᠨ 40 ᠳ᠋ᠦ᠍ᠭᠡᠷ ᠵᠦᠢ᠍ᠯ᠎ᠤᠨ ᠴᠡᠭᠴᠡᠯᠡᠨ ᠰᠠᠶ᠋ᠢᠵᠢᠷᠠᠭᠤᠯᠬᠤ ᠡᠭᠦᠷᠭᠡ)
ᠯᠢ ᠪᠢᠩ ᠷᠦᠩ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠢ ᠰᠢᠭᠤᠶ ᠨᠤᠲᠤᠭ ᠪᠡᠯᠴᠢᠭᠡᠷ᠎ᠤᠨ ᠭᠠᠯ ᠰᠡᠷᠭᠡᠶ᠋ᠢᠯᠡᠬᠦ ᠠᠵᠢᠯ᠎ᠤᠨ ᠲᠧᠯᠸᠢᠰ ᠤᠳᠠᠰᠤᠨ ᠬᠤᠷᠠᠯ ᠳᠡᠭᠡᠷ᠎ᠡ ᠴᠢᠬᠤᠯᠠᠴᠢᠯᠠᠭᠰᠠᠨ᠎ᠨᠢ᠄ ᠤᠢ ᠰᠢᠭᠤᠶ ᠨᠤᠲᠤᠭ ᠪᠡᠯᠴᠢᠭᠡᠷ᠎ᠤᠨ ᠭᠠᠯ᠎ᠢ ᠰᠡᠷᠭᠡᠶ᠋ᠢᠯᠡᠬᠦ ᠳᠠᠶ᠋ᠢᠯᠠᠯᠳᠤᠭ᠋ᠠᠨ᠎ᠤ ᠢᠯᠡᠯᠳᠠ ᠵᠢ ᠵᠠᠪᠠᠯ ᠤᠯᠬᠤ ᠬᠡᠷᠡᠭᠳᠡᠢ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠢ ᠰᠢᠭᠤᠶ ᠵᠢᠨ ᠲᠢᠩᠬᠢᠮ᠎ᠤᠨ ᠤᠢ ᠰᠢᠭᠤᠶ ᠵᠢᠨ ᠠᠮᠢ ᠠᠬᠤᠶ ᠵᠢ ᠬᠠᠮᠠᠭ᠋ᠠᠯᠠᠬᠤ᠎ᠪᠠᠷ ᠶᠠᠳᠠᠭᠤ ᠵᠢ ᠲᠡᠳᠬᠦᠬᠦ᠎ᠳᠤ ᠪᠠᠶ᠋ᠢᠴᠠᠭ᠋ᠠᠨ ᠰᠤᠳᠤᠯᠤᠯᠲᠠ ᠬᠢᠵᠦ ᠰᠢᠮᠳᠠᠭᠤᠯᠤᠨ ᠵᠢᠯᠣᠭᠣᠳᠬᠤ ᠠᠵᠢᠯ᠎ᠢ ᠦᠷᠨᠢᠬᠦᠯᠬᠦ ᠲᠤᠬᠠᠶ ᠮᠡᠳᠡᠭᠳᠡᠯ
《ᠳᠤᠮᠳᠠᠳᠤ ᠤᠯᠤᠰ᠎ᠤᠨ ᠰᠦᠯᠵᠢᠶᠡᠨ᠎ᠤ ᠰᠤᠨᠤᠰᠬᠠᠯ · ᠥᠪᠥᠷ ᠮᠣᠩᠭᠣᠯ᠎ᠢ ᠳᠣᠭᠳᠣᠯᠤᠭᠤᠯᠤᠭᠰᠠᠨ》 2018 ᠰᠦᠯᠵᠢᠶᠡᠨ ᠰᠤᠳᠤᠴᠤᠤᠯ᠎ᠢ ᠰᠢᠯᠭ᠋ᠠᠷᠠᠭᠤᠯᠬᠤ ᠠᠵᠢᠯᠯᠠᠭ᠎ᠠ ᠵᠢ ᠵᠣᠬᠢᠶᠠᠨ ᠪᠠᠢ᠌ᠭᠤᠯᠵᠦ ᠦᠷᠨᠢᠬᠦᠯᠬᠦ ᠲᠤᠬᠠᠶ ᠮᠡᠳᠡᠭᠳᠡᠯ
 
             蒙ICP备05000248号