ᠡᠯᠡᠰᠤ ᠮᠠᠩᠬ᠎ᠠ — ᠦᠪᠦᠷ ᠮᠤᠩᠭᠤᠯ᠎ᠤᠨ ᠠᠷᠪᠠᠨ ᠶᠡᠭᠡ ᠵᠢᠭᠤᠯᠴᠢᠯᠡᠯ᠎ᠤᠨ ᠡᠭᠢ ᠪᠠᠶᠠᠯᠢᠭ᠎ᠤᠨ ᠨᠢᠭᠡ᠂ ᠭᠠᠶ᠋ᠢᠬᠠᠮ᠎ᠠ ᠰᠠᠶ᠋ᠢᠬᠠᠨ ᠨᠡᠯᠦᠬᠡᠷ ᠡᠯᠡᠰᠤ ᠦᠨᠢ ᠡᠷᠳᠡᠨ᠎ᠤ ᠦᠤᠭᠡ ᠲᠡᠤᠬᠡ ᠵᠢ ᠬᠦᠤᠷᠨᠢᠵᠤ᠂ ᠡᠴᠢᠨ᠎ᠠ ᠭᠠᠶ᠋ᠢᠬᠠᠯᠳᠠᠢ ᠦᠩᠬᠡ ᠦᠵᠡᠮᠵᠢ᠎ᠨᠢ ᠡᠬᠡ ᠪᠠᠶ᠋ᠢᠭ᠋ᠠᠯᠢ ᠵᠢᠨ ᠭᠠᠶ᠋ᠢᠬᠠᠮᠰᠢᠭ᠎ᠢ ᠦᠬᠦᠯᠡᠨᠠ᠃
ᠡᠯᠡᠰᠤ ᠮᠠᠩᠬᠠᠨ᠎ᠤ ᠵᠢᠭᠤᠯᠴᠢᠯᠡᠯ — ᠦᠪᠦᠷ ᠮᠤᠩᠭᠤᠯ᠎ᠤᠨ ᠵᠢᠭᠤᠯᠴᠢᠯᠡᠯ᠎ᠤᠨ ᠦᠢ᠍ᠯᠡᠰ᠎ᠤᠨ ᠴᠢᠬᠤᠯᠠ ᠪᠦᠷᠢᠯᠳᠦᠬᠦᠨ ᠬᠡᠰᠡᠭ᠂ ᠡᠴᠢᠨ᠎ᠡ ᠭᠠᠶ᠋ᠢᠬᠠᠯᠲᠠᠢ ᠡᠯᠡᠰᠦ ᠮᠠᠩᠬ᠎ᠠ᠎ᠨᠢ ᠵᠢᠭᠤᠯᠴᠢᠯᠠᠭᠰᠠᠳ᠎ᠤᠨ ᠪᠠᠷᠳᠠᠭ᠎ᠠ ᠲᠤᠭᠤᠯᠬᠤ᠂ ᠡᠭᠡ ᠪᠠᠶ᠋ᠢᠭ᠋ᠠᠯᠢ ᠵᠢᠨ ᠭᠠᠶ᠋ᠢᠬᠠᠮᠰᠢᠭ᠎ᠢ ᠰᠤᠨᠢᠷᠬᠠᠬᠤ ᠬᠠᠷᠠᠯᠳᠠᠳᠤ ᠤᠷᠤᠨ ᠪᠤᠯᠪᠠ᠃
ᠡᠯᠡᠰᠤ ᠮᠠᠩᠬ᠎ᠠ ᠪᠤᠯ ᠦᠪᠦᠷ ᠮᠤᠩᠭᠤᠯ᠎ᠤᠨ ᠠᠷᠪᠠᠨ ᠶᠡᠭᠡ ᠵᠢᠭᠤᠯᠴᠢᠯᠡᠯ᠎ᠤᠨ ᠡᠭᠢ ᠪᠠᠶᠠᠯᠢᠭ᠎ᠤᠨ ᠨᠢᠭᠡ ᠶᠤᠮ᠃ ᠭᠠᠶ᠋ᠢᠬᠠᠮ᠎ᠠ ᠰᠠᠶ᠋ᠢᠬᠠᠨ ᠨᠡᠯᠦᠬᠡᠷ ᠡᠯᠡᠰᠤ ᠦᠨᠢ ᠡᠷᠳᠡᠨ᠎ᠤ ᠦᠤᠭᠡ ᠲᠡᠤᠬᠡ ᠵᠢ ᠦᠭᠦᠯᠡᠨ᠂ ᠡᠴᠢᠨ᠎ᠠ ᠭᠠᠶ᠋ᠢᠬᠠᠯᠳᠠᠢ ᠦᠩᠬᠡ ᠦᠵᠡᠮᠵᠢ᠎ᠪᠠᠷ ᠵᠶ᠋ᠠᠨ ᠤᠷᠤᠨ᠎ᠤ ᠲᠤᠲᠤᠨ᠎ᠠ ᠭᠠᠲᠠᠨᠠᠬᠢ ᠵᠢᠭᠤᠯᠴᠢᠯᠠᠬᠰᠠᠳ᠎ᠢ ᠲᠠᠲᠠᠵᠦ᠂ ᠡᠯᠡᠰᠤ ᠮᠠᠩᠬᠠᠨ᠎ᠤ ᠵᠢᠭᠤᠯᠴᠢᠯᠠᠯ ᠨᠢᠬᠡᠨᠳᠡ ᠮᠠᠨ᠎ᠤ ᠤᠷᠤᠨ᠎ᠤ ᠦᠪᠡᠷᠮᠢᠴᠡ ᠤᠨᠴᠠᠯᠢᠭ᠎ᠲᠠᠢ ᠵᠢᠭᠤᠯᠴᠢᠯᠠᠯ᠎ᠤᠨ ᠲᠦᠷᠦᠯ ᠵᠦᠢ᠍ᠯ ᠪᠤᠯᠵᠠᠢ᠃
![]()
![]()
ᠰᠢᠷᠭ᠋ᠠᠯ ᠡᠯᠡᠰᠤᠨ᠎ᠤ ᠰᠢᠵᠢᠷ ᠲᠤᠤᠯᠢᠰ
ᠦᠪᠦᠷ ᠮᠤᠩᠭᠤᠯ ᠤᠷᠤᠨ᠎ᠳᠤ ᠡᠯᠡᠰᠦᠨ ᠴᠦᠯ ᠪᠠ ᠡᠯᠡᠰᠦᠷᠭᠡᠭ ᠭᠠᠵᠠᠷ᠎ᠤᠨ ᠲᠠᠷᠬᠠᠯᠲᠠ ᠮᠠᠰᠢ ᠦᠷᠭᠡᠨ ᠪᠠᠶ᠋ᠢᠵᠤ᠂ ᠪᠠᠷᠠᠭᠤᠨ᠎ᠠᠴᠠ ᠵᠡᠬᠦᠨᠰᠢ ᠪᠠ᠎ᠲᠠᠢ ᠵᠢᠨ ᠵᠢᠷᠠᠨ᠎ᠤ ᠡᠯᠡᠰᠤ᠂ ᠲᠡᠭᠷᠢ ᠡᠯᠡᠰᠦ᠂ ᠤᠯᠠᠭ᠋ᠠᠨᠪᠤᠬ᠎ᠠ ᠵᠢᠨ ᠡᠯᠡᠰᠤ᠂ ᠬᠦᠪᠴᠢ ᠵᠢᠨ ᠡᠯᠡᠰᠤ᠂ ᠪᠠᠶᠬᠠᠦ᠋ᠨᠳᠤᠷᠤᠨ ᠡᠯᠡᠰᠤ ᠵᠡᠷᠭᠡ ᠲᠠᠪᠤᠨ ᠶᠡᠭᠡ ᠡᠯᠡᠰᠦ᠂ ᠮᠤᠤᠠᠤᠰᠤ ᠵᠢᠨ ᠡᠯᠡᠰᠦᠷᠭᠡᠭ ᠭᠠᠵᠠᠷ᠂ ᠬᠤᠯᠠᠨ ᠰᠢᠷᠭ᠎ᠠ ᠲᠠᠭ᠎ᠠ ᠵᠢᠨ ᠡᠯᠡᠰᠦᠷᠭᠡᠭ ᠭᠠᠵᠠᠷ᠂ ᠬᠤᠷᠴᠢᠨ᠎ᠤ ᠡᠯᠡᠰᠦᠷᠭᠡᠭ ᠭᠠᠵᠠᠷ᠂ ᠦᠵᠦᠮᠦᠴᠢᠨ᠎ᠤ ᠡᠯᠡᠰᠦᠷᠬᠡᠭ ᠭᠠᠵᠠᠷ᠂ ᠬᠦᠯᠦᠨ ᠪᠤᠶ᠋ᠢᠷ᠎ᠤᠨ ᠡᠯᠡᠰᠦᠷᠬᠡᠭ ᠭᠠᠵᠠᠷ ᠵᠡᠷᠭᠡ ᠲᠠᠪᠤᠨ ᠶᠡᠭᠡ ᠡᠯᠡᠰᠦᠷᠭᠡᠭ ᠭᠠᠵᠠᠷ ᠰᠢᠵᠢᠷᠲᠤᠨ ᠰᠢᠷᠭ᠋ᠠᠯᠳᠤᠵᠤ ᠪᠠᠶ᠋ᠢᠳᠠᠭ᠃
4.9 ᠲᠦᠮᠡ ᠰᠢᠬᠠᠮ ᠲᠡᠭᠰᠢ ᠲᠦᠷᠪᠡᠯᠵᠢᠨ ᠺᠢᠯᠤᠮᠸᠲᠷ᠎ᠤᠨ ᠲᠠᠯᠠᠪᠠᠢ᠎ᠲᠠᠢ ᠪᠠ᠎ᠲᠠᠢ ᠵᠢᠨ ᠵᠢᠷᠠᠨ᠎ᠤ ᠡᠯᠡᠰᠦ ᠪᠤᠯ ᠮᠠᠨ᠎ᠤ ᠤᠯᠤᠰ᠎ᠤᠨ ᠭᠤᠷᠪᠠᠲᠤᠭ᠋ᠠᠷ ᠶᠡᠭᠡ ᠡᠯᠡᠰᠦᠨ ᠴᠦᠯ ᠪᠤᠯᠤᠨ᠎ᠠ᠃ ᠪᠠᠳᠠᠢ ᠵᠢᠨ ᠵᠢᠷᠠᠨ ᠪᠤᠯ ᠲᠡᠯᠡᠬᠡᠢ ᠵᠢᠨ ᠴᠤᠷ᠎ᠤᠨ ᠭᠠᠭᠴᠠ ᠦᠨᠳᠦᠷ ᠡᠯᠡᠰᠦᠨ ᠴᠤᠬᠢᠶ᠎ᠠ ᠨᠢᠬᠲᠠᠷᠠᠬᠰᠠᠨ ᠡᠯᠡᠰᠦᠨ ᠴᠦᠯ ᠪᠠᠶ᠋ᠢᠵᠤ᠂ ᠤᠯᠠᠩᠬᠢ᠎ᠨᠢ ᠲᠠᠯᠠᠢ ᠵᠢᠨ ᠲᠦᠪᠰᠢᠨ᠎ᠠᠴᠠ 1400 — 1600 ᠮᠸᠲᠷ ᠡᠷᠭᠦᠭᠳᠡᠨ᠂ 《ᠡᠯᠡᠰᠦᠨ ᠴᠦᠯ᠎ᠤᠨ ᠵᠦᠮᠦᠯᠠᠩᠮᠠ》 ᠬᠡᠮᠡᠭᠳᠡᠵᠠᠢ᠃ ᠪᠠᠳᠠᠢ ᠵᠢᠨ ᠵᠢᠷᠠᠨ᠎ᠤ ᠡᠯᠡᠰᠤ ᠵᠢᠨ ᠪᠠᠷᠠᠭᠤᠨ ᠬᠤᠶ᠋ᠢᠲᠤ ᠬᠡᠰᠡᠭ᠎ᠲᠤ ᠤᠳᠤᠬᠠᠨ ᠪᠤᠯᠳᠠᠯ᠎ᠠ ᠬᠦᠮᠦᠨ ᠲᠦᠷᠦᠯᠬᠢᠳᠡᠨ᠎ᠤ ᠤᠯᠠ ᠮᠦᠷ ᠬᠠᠷᠠᠬᠳᠠᠭᠠ ᠦᠭᠡᠢ ᠬᠡᠳᠡᠭ᠃ ᠠᠳᠡᠬᠢ ᠵᠢᠯ᠎ᠤᠨ ᠬᠤᠷ᠎ᠠ ᠲᠤᠨᠤᠲᠠᠰᠦᠨᠤ ᠬᠡᠮᠵᠢᠶ᠎ᠡ 40 ᠮᠢᠯᠢᠯᠢᠲᠸᠷᠲᠤ ᠴᠦ᠍ ᠬᠦᠷᠳᠡᠭ ᠦᠬᠡᠢ ᠪᠤᠯᠪᠠᠴᠦ ᠡᠨᠡ ᠬᠦ᠌ ᠡᠯᠡᠰᠦᠨ ᠲᠠᠯᠠᠢ ᠲᠤᠲᠤᠷ᠎ᠠ 100 ᠭᠠᠷᠤᠢ ᠨᠠᠭᠤᠷ ᠴᠦᠬᠦᠷᠦᠮ ᠲᠠᠷᠬᠠᠵᠦ ᠪᠠᠶ᠋ᠢᠲᠠᠭ᠎ᠨᠢ ᠰᠤᠨᠢᠷᠬᠠᠯᠳᠠᠢ! ᠡᠯᠡᠰᠦᠨ ᠴᠤᠬᠢᠶ᠎ᠠ᠂ ᠲᠤᠩᠭ᠋ᠠᠯᠠᠭ ᠨᠠᠭᠤᠷ᠂ ᠨᠤᠭᠤ ᠭᠠᠵᠠᠷ᠎ᠨᠢ ᠪᠠ᠎ᠲᠠᠢ ᠵᠢᠨ ᠵᠢᠷᠠᠨ᠎ᠤ ᠡᠯᠡᠰᠦ ᠵᠢᠨ ᠭᠠᠶ᠋ᠢᠬᠠᠮᠰᠢᠬ᠎ᠲᠦ ᠦᠵᠡᠮᠵᠢ ᠵᠢ ᠪᠦᠷᠢᠯᠲᠦᠬᠦᠯᠦᠭᠰᠡᠨ ᠪᠢᠯᠡ᠃
ᠲᠩᠷᠢ ᠡᠯᠡᠰᠤ᠎ᠨᠢ ᠠᠯᠠᠱ᠌ᠠ ᠵᠡᠭᠦᠨ ᠬᠤᠰᠢᠭᠤ ᠪᠠ ᠭᠠᠨᠰᠦ ᠮᠤᠵᠢ ᠵᠢᠨ ᠬᠢᠵᠠᠭ᠋ᠠᠷᠲᠤ ᠪᠠᠶ᠋ᠢᠷᠢᠯᠠᠵᠤ᠂ ᠶᠡᠷᠦᠩᠬᠡᠶ ᠲᠠᠯᠠᠪᠠᠶ᠎ᠨᠢ ᠪᠠᠷᠤᠭ 4.27 ᠲᠦᠮᠡᠨ ᠲᠡᠭᠰᠢ ᠳᠥᠷᠪᠡᠯᠵᠢᠨ ᠺᠢᠯᠤᠮᠸᠲᠷ ᠪᠠᠶ᠋ᠢᠵᠤ᠂ ᠮᠠᠨ᠎ᠤ ᠤᠯᠤᠰ᠎ᠤᠨ ᠳᠥᠷᠪᠡᠳᠦᠭᠡᠷ ᠶᠡᠭᠡ ᠡᠯᠡᠰᠦᠨ ᠴᠦᠯ ᠪᠤᠯᠬᠤ ᠶᠤᠮ᠃ ᠡᠯᠡᠰᠦᠨ ᠳᠣᠪᠤ᠂ ᠨᠠᠭᠤᠷ᠂ ᠡᠪᠡᠰᠦᠲᠦ ᠲᠠᠯ᠎ᠠ᠂ ᠠᠭᠤᠯᠠᠷᠬᠠᠭ ᠭᠠᠵᠠᠷ᠂ ᠦᠯᠡᠳᠡᠭᠳᠡᠯ ᠳᠣᠪᠤ ᠵᠢᠴᠢ ᠲᠡᠭᠰᠢ ᠲᠠᠯ᠎ᠠ ᠠᠳᠡ ᠰᠣᠯᠪᠢᠴᠠᠨ ᠲᠠᠷᠬᠠᠵᠤ᠂ ᠲᠡᠭᠷᠢ ᠡᠯᠡᠰᠤ ᠵᠢᠨ 93%᠎ᠨᠢ ᠨᠡᠭᠦᠳᠡᠯ ᠡᠯᠡᠰᠤ ᠮᠠᠩᠬ᠎ᠠ ᠪᠤᠯᠤᠨ᠎ᠠ᠃ ᠠᠳᠡ ᠭᠡᠷᠡᠯ ᠪᠠ ᠢᠯᠴᠢ ᠵᠢᠨ ᠡᠬᠢ ᠪᠠᠶᠠᠯᠢᠭ ᠡᠯᠪᠡᠭ ᠲᠡᠯᠪᠡᠭ ᠪᠠᠶ᠋ᠢᠵᠦ᠂ ᠭᠡᠪᠴᠢᠶᠡᠵᠢᠬᠦᠯᠦᠨ ᠲᠠᠷᠢᠵᠦ ᠲᠡᠵᠢᠭᠡᠬᠦ ᠦᠢ᠍ᠯᠡᠰ᠎ᠢ ᠬᠦᠭᠵᠢᠬᠦᠯᠬᠦ᠎ᠳᠤ ᠲᠠᠪᠠᠭᠤᠯᠢᠭ ᠨᠦᠬᠦᠴᠡᠯ᠎ᠢ ᠪᠦᠷᠢᠯᠲᠦᠬᠦᠯᠦᠭᠰᠡᠨ ᠪᠠᠶ᠋ᠢᠳᠠᠭ᠃ ᠲᠡᠭᠷᠢ ᠡᠯᠡᠰᠤ ᠵᠢᠨ ᠬᠦᠨ᠎ᠠᠴᠠ ᠬᠤᠯᠠ ᠵᠢ ᠪᠠᠷᠠᠯᠠᠪᠠᠯ᠂ ᠨᠠᠭᠤᠷ᠎ᠤᠨ ᠲᠠᠪᠤᠰᠤ ᠬᠢᠯᠲᠠᠭ᠋ᠠᠨᠡᠨ ᠨᠠᠭᠤᠷ᠎ᠤᠨ ᠤᠰᠤ ᠮᠦᠡᠭᠬᠦᠨ ᠠᠷ ᠦᠶᠡᠯᠵᠡᠬᠦᠯᠦᠨ ᠬᠠᠷᠠᠬᠳᠠᠨ᠎ᠠ᠃ ᠲᠡᠭᠷᠢ ᠡᠯᠡᠰᠤ ᠵᠢᠨ ᠬᠦᠨ᠎ᠳᠠᠬᠢ ᠨᠠᠭᠤᠷ᠎ᠲᠤ ᠭᠡᠭᠡᠷ᠎ᠡ ᠵᠢᠨ ᠨᠤᠭᠤᠰᠤ᠂ ᠬᠤᠨ ᠭᠠᠯᠠᠭᠤ ᠮᠡᠳᠤ ᠵᠢᠨ 30 ᠭᠠᠷᠤᠢ ᠲᠦᠷᠦᠯ᠎ᠤᠨ ᠰᠢᠪᠠᠭᠤᠳ ᠤᠷᠤᠰᠢᠨ ᠠᠮᠢᠲᠤᠷᠠᠵᠤ ᠪᠠᠶ᠋ᠢᠳᠠᠭ᠃ ᠠᠳᠡᠬᠢ ᠵᠢᠨ ᠠᠭᠤᠷ ᠠᠮᠢᠰᠬᠤᠯ ᠳᠤᠮᠳᠠ ᠰᠡᠷᠢᠭᠦᠨ ᠪᠦᠰᠡ ᠵᠢᠨ ᠨᠡᠶ᠋ᠢᠲᠡᠯᠢᠭ ᠡᠬᠡ ᠭᠠᠵᠠᠷ᠎ᠤᠨ ᠴᠢᠨᠠᠷᠲᠠᠶ ᠠᠭᠤᠷ ᠠᠮᠢᠰᠬᠤᠯ᠎ᠳᠤ ᠬᠠᠷᠢᠶᠠᠯᠠᠭᠳᠠᠵᠤ᠂ ᠤᠷᠭᠤᠮᠠᠯ᠎ᠤᠨ ᠪᠦᠷᠬᠦᠴᠡ᠎ᠨᠢ ᠡᠯᠡᠰᠦᠨ ᠰᠢᠷᠠᠯᠵᠢ᠂ ᠬᠠᠷ᠎ᠠ ᠰᠤᠯᠢ᠂ ᠬᠤᠯᠤᠰᠤ ᠵᠡᠬᠡᠰᠦ᠂ ᠲᠤᠰ᠎ᠤᠨ ᠲᠤᠷᠯᠤᠭ᠂ ᠲᠡᠷᠪᠡᠯᠵᠢ᠂ ᠰᠤᠬᠠᠢ ᠵᠡᠷᠭᠡ᠎ᠪᠠᠷ ᠭᠤᠤᠯᠯᠠᠲᠠᠭ ᠶᠤᠮ᠃
ᠬᠥᠪᠴᠢ ᠵᠢᠨ ᠡᠯᠡᠰᠤ ᠪᠤᠯ ᠨᠡᠶ᠋ᠢᠰᠯᠡᠯ ᠪᠡᠭᠡᠵᠢᠩ᠎ᠠᠴᠠ ᠬᠠᠮᠤᠭ᠎ᠤᠨ ᠤᠢ᠍ᠢ᠍ᠷ᠎ᠠ ᠪᠠᠶ᠋ᠢᠭ᠎ᠠ ᠡᠯᠡᠰᠦ ᠪᠤᠯᠤᠨ᠎ᠠ᠂ ᠶᠡᠷᠦᠩᠬᠡᠢ ᠲᠠᠯᠠᠪᠠᠶ᠎ᠨᠢ ᠪᠠᠷᠤᠭ 1.45 ᠲᠦᠮᠡᠨ ᠲᠡᠭᠰᠢ ᠳᠥᠷᠪᠡᠯᠵᠢᠨ ᠺᠢᠯᠤᠮᠸᠲᠷ᠎ᠲᠤ ᠬᠦᠷᠴᠦ ᠪᠤᠢ᠃ ᠬᠥᠪᠴᠢ ᠵᠢᠨ ᠡᠯᠡᠰᠤ ᠵᠢᠨ ᠪᠦᠷᠢᠶ᠎ᠡ ᠮᠠᠩᠬ᠎ᠠ ᠵᠢᠨ ᠦᠵᠡᠮᠵᠢ ᠵᠢᠨ ᠣᠷᠣᠨ᠎ᠤ ᠡᠯᠡᠰᠤᠨ ᠴᠤᠬᠢᠶ᠎ᠠ᠎ᠠᠴᠠ ᠭᠤᠯᠭᠤᠨ ᠪᠠᠭᠤᠬᠤ᠎ᠳᠤ ᠡᠯᠡᠰᠤ ᠮᠠᠩᠬ᠎ᠠ᠎ᠨᠢ ᠦᠡᠭᠭᠢᠨᠡᠨ ᠲᠤᠤᠭ᠋ᠠᠷᠳᠠᠭ ᠪᠤᠯᠬᠤᠷ ᠬᠤᠷᠸ᠎ᠠ ᠵᠢᠨ ᠨᠢᠭᠡᠨ ᠭᠠᠶ᠋ᠢᠬᠠᠮᠰᠢᠬ ᠪᠤᠯᠵᠠᠢ᠃ ᠬᠦᠪᠴᠢ ᠵᠢᠨ ᠡᠯᠡᠰᠤᠨ᠎ᠳᠤ ᠪᠤᠢ ᠪᠤᠯᠤᠭᠰᠠᠨ 《ᠬᠦᠪᠴᠢ ᠵᠢᠨ ᠵᠠᠬ᠍ᠪᠤᠷ》 ᠲᠠᠯᠡᠬᠡᠢ ᠨᠡᠶ᠋ᠢᠳᠡ ᠵᠢᠨ ᠠᠩᠬᠠᠷᠤᠯ᠎ᠢ ᠲᠠᠳᠠᠵᠤ᠂ ᠲᠠᠯᠠᠬᠡᠢ ᠳ᠋ᠠᠬᠢᠨ᠎ᠤ ᠡᠯᠡᠰᠦᠷᠬᠡᠭᠵᠢᠯ᠎ᠢ ᠰᠡᠷᠬᠡᠶ᠋ᠢᠯᠡᠵᠤ ᠡᠯᠡᠰᠤ ᠵᠢ ᠵᠠᠰᠠᠬᠤ᠎ᠳᠤ ᠬᠤᠪᠤᠷ ᠨᠠᠨᠳᠢᠨ ᠲᠤᠷᠰᠢᠯᠭ᠎ᠠ ᠬᠠᠩᠭ᠋ᠠᠪᠠ᠃
ᠤᠯᠠᠭ᠋ᠠᠨᠪᠤᠬ᠎ᠠ ᠵᠢᠨ ᠡᠯᠡᠰᠦ᠎ᠨᠢ ᠪᠠᠶᠠᠨᠨᠠᠭᠤᠷ ᠬᠤᠲᠠ ᠪᠠ ᠠᠯᠠᠱ᠌ᠠ ᠠᠶ᠋ᠢᠮᠠᠭ᠎ᠤᠨ ᠵᠡᠭᠦᠨ ᠬᠤᠶ᠋ᠢᠲᠤ ᠬᠡᠰᠡᠭ᠎ᠲᠤ ᠪᠠᠶ᠋ᠢᠷᠢᠯᠠᠳᠠᠬ᠂ ᠲᠡᠦᠭᠡᠨ᠎ᠳᠤ ᠠᠳᠠ ᠬᠦᠮᠦᠨ ᠠᠷᠠᠳ ᠲᠠᠩᠰᠤᠬ ᠵᠢᠷᠭ᠋ᠠᠯ᠎ᠲᠠᠢ᠂ ᠮᠠᠯ ᠰᠦᠷᠦᠭ ᠲᠠᠷᠭᠤ ᠰᠠᠶ᠋ᠢᠳᠠᠢ᠂ ᠦᠨᠢᠷ ᠪᠠᠶᠠᠯᠢᠭ ᠲᠠᠯ᠎ᠠ ᠨᠤᠲᠤᠬ ᠪᠠᠶ᠋ᠢᠬᠰᠡᠨ ᠬᠡᠳᠡᠭ᠃ ᠴᠢᠯᠦᠬᠡᠯᠡᠭᠳᠡᠭᠰᠡᠨᠤ ᠲᠠᠷᠠᠭ᠎ᠠ᠂ ᠤᠯᠠᠭ᠋ᠠᠨᠪᠤᠬ᠎ᠠ ᠵᠢᠨ ᠡᠯᠡᠰᠦ ᠵᠢ ᠶᠡᠭᠡ᠎ᠪᠠᠷ ᠵᠠᠰᠠᠵᠦ᠂ ᠰᠠᠯᠬᠢ ᠵᠢ ᠬᠤᠷᠢᠬᠯᠠᠵᠦ ᠡᠯᠡᠰᠦ ᠵᠢ ᠲᠤᠭᠲᠠᠪᠦᠷᠢᠵᠢᠭᠤᠯᠬᠤ ᠤᠢ ᠮᠤᠲᠤ ᠲᠠᠷᠢᠵᠦ ᠡᠬᠢᠯᠡᠵᠡᠢ᠃ ᠠᠳᠡᠬᠢ ᠨᠠᠷᠠᠨ᠎ᠤ ᠲᠤᠰᠤᠯᠲᠠ ᠬᠦᠢ᠍ᠴᠡᠳ ᠪᠦᠭᠡᠳ ᠬᠠᠲᠤᠨ ᠭᠤᠤᠯ᠎ᠤᠨ ᠤᠰᠤ᠎ᠪᠠᠷ ᠤᠰᠤᠯᠠᠵᠦ ᠪᠤᠯᠲᠠᠭ ᠪᠤᠯᠬᠤᠷ ᠨᠠᠭᠤᠷ ᠴᠦᠬᠦᠷᠦᠮ ᠠᠷᠪᠢᠨ ᠪᠠᠶ᠋ᠢᠵᠦ᠂ ᠮᠠᠯ ᠠᠵᠦ ᠠᠬᠤᠢ ᠲᠠᠷᠢᠶᠠᠯᠠᠩ᠂ ᠤᠢ ᠮᠤᠳᠤ ᠪᠠ ᠵᠢᠭ᠋ᠠᠰᠦᠨ᠎ᠤ ᠦᠢ᠍ᠯᠡᠰ᠎ᠢ ᠬᠦᠭᠵᠢᠬᠦᠯᠬᠦ᠎ᠳᠤ ᠮᠠᠰᠢ ᠲᠤᠬᠢᠷᠠᠵᠠᠢ᠃ ᠪᠦᠷᠢᠳᠭᠡᠯ᠎ᠢ ᠦᠨᠲᠦᠰᠦᠯᠡᠪᠡᠯ᠂ ᠤᠯᠠᠭ᠋ᠠᠨᠪᠤᠬ᠎ᠠ ᠵᠢᠨ ᠡᠯᠡᠰᠤᠨ᠎ᠳᠤ ᠪᠠᠷᠤᠭ 312 ᠲᠦᠷᠦᠯ᠎ᠤᠨ ᠦᠷᠡᠲᠦ ᠤᠷᠭᠤᠮᠠᠯ᠎ᠲᠠᠢ ᠪᠠᠶ᠋ᠢᠵᠦ᠂ ᠪᠦᠬᠦ ᠤᠯᠤᠰ᠎ᠤᠨ ᠴᠠᠭ᠋ᠠᠨ ᠭᠤᠶᠤᠤ ᠵᠢᠨ ᠴᠢᠬᠤᠯᠠ ᠰᠠᠭᠤᠷᠢᠨ ᠪᠤᠯᠤᠭᠰᠠᠨ ᠪᠠᠶ᠋ᠢᠨ᠎ᠠ᠃
ᠬᠤᠯᠠᠨ ᠰᠢᠷᠭ᠎ᠠ ᠲᠠᠭ᠎ᠠ ᠵᠢᠨ ᠡᠯᠡᠰᠦᠷᠭᠡᠭ ᠭᠠᠵᠠᠷ ᠪᠤᠯ ᠰᠢᠯᠢ ᠵᠢᠨ ᠭᠤᠤᠯ᠎ᠤᠨ ᠲᠠᠯ᠎ᠠ ᠨᠤᠲᠤᠭ᠎ᠤᠨ ᠡᠮᠦᠨ᠎ᠡ ᠭᠡᠰᠡᠭ ᠪᠤᠯᠤᠨ ᠤᠯᠠᠭ᠋ᠠᠨᠬᠠᠳᠠ ᠬᠤᠳᠠ ᠵᠢᠨ ᠬᠡᠰᠢᠭᠳᠡᠨ ᠬᠤᠰᠢᠭᠤᠨ᠎ᠤ ᠪᠠᠷᠠᠭᠤᠨ ᠬᠡᠰᠡᠭ᠎ᠲᠤ ᠪᠠᠶ᠋ᠢᠷᠢᠯᠠᠵᠤ᠂ ᠠᠳᠡ ᠤᠯᠠᠨ ᠠᠷᠪᠢᠨ ᠵᠢᠵᠢᠭ ᠨᠠᠭᠤᠷ ᠪᠤᠶᠤ ᠡᠯᠡᠰᠦᠨ ᠪᠤᠯᠠᠬ ᠲᠠᠷᠬᠠᠨ᠂ ᠦᠩ ᠰᠢᠮᠡᠯᠢᠭ ᠪᠡᠯᠴᠢᠬᠡᠷ ᠭᠤᠶ᠋ᠢᠲᠠ ᠰᠠᠶ᠋ᠢᠬᠠᠨ ᠦᠵᠡᠮᠵᠢ᠎ᠲᠠᠢ ᠪᠠᠶ᠋ᠢᠳᠠᠬ ᠵᠶ᠋ᠠᠷ ᠵᠶ᠋ᠠᠨ 《ᠴᠡᠴᠡᠷᠯᠢᠭ᠎ᠤᠨ ᠡᠯᠡᠰᠦᠨ ᠴᠦᠯ》᠂ 《ᠠᠷᠤ ᠭᠠᠵᠠᠷ᠎ᠤᠨ ᠵᠢᠶᠠᠩᠨᠠᠨ》 ᠭᠡᠰᠡᠨ ᠠᠯᠳᠠᠷᠲᠠᠢ᠎ᠪᠠᠷ ᠪᠠᠷᠠᠬᠤ ᠦᠭᠡᠢ ᠨᠡᠬᠦᠳᠡᠯ᠎ᠤᠨ ᠰᠢᠪᠠᠭᠤᠳ᠎ᠤᠨ ᠤᠷᠤᠰᠢᠨ ᠠᠮᠢᠲᠤᠷᠠᠵᠦ ᠦᠷᠡᠵᠢᠨ ᠲᠦᠯᠵᠢᠬᠦ ᠴᠡᠩᠭᠡᠯ᠎ᠤᠨ ᠤᠷᠤᠨ ᠪᠤᠯᠤᠬᠰᠡᠨ ᠠᠵᠢ᠃
ᠬᠤᠷᠴᠢᠨ᠎ᠤ ᠡᠯᠡᠰᠦᠷᠭᠡᠭ ᠭᠠᠵᠠᠷ ᠪᠤᠯ ᠮᠠᠨ᠎ᠤ ᠤᠯᠤᠰ᠎ᠤᠨ ᠬᠠᠮᠤᠬ᠎ᠤᠨ ᠶᠡᠭᠡ ᠡᠯᠡᠰᠦᠷᠭᠡᠭ ᠭᠠᠵᠠᠷ ᠪᠤᠯᠤᠨ᠎ᠠ᠃ ᠰᠢᠷᠠᠮᠦ᠋ᠷᠡᠨ ᠪᠠ ᠯᠤᠤᠬ᠎ᠠ ᠵᠢᠨ ᠭᠤᠤᠯ ᠬᠤᠷᠴᠢᠨ᠎ᠤ ᠡᠯᠡᠰᠦᠷᠭᠡᠭ ᠭᠠᠵᠠᠷ ᠵᠶ᠋ᠠᠷ ᠤᠷᠤᠰ᠎ᠤᠨ ᠦᠩᠭᠡᠷᠡᠵᠤ ᠪᠠᠶ᠋ᠢᠳᠠᠭ᠂ ᠤᠷᠭᠤᠮᠠᠯ᠎ᠤᠨ ᠪᠦᠷᠬᠦᠴᠡ᠎ᠨᠢ ᠬᠤᠰᠢᠳ ᠪᠤᠲᠠᠯᠢᠭ ᠮᠤᠲᠤ ᠪᠤᠯᠤᠨ ᠬᠦᠮᠦᠨ᠎ᠤ ᠬᠦᠴᠦ᠎ᠪᠠᠷ ᠤᠢ᠍ᠢ᠍ᠵᠢᠭᠤᠯᠤᠬᠰᠠᠨ ᠨᠠᠷᠠᠰᠤᠨ ᠤᠢ᠎ᠪᠠᠷ ᠭᠤᠤᠯᠯᠠᠵᠤ ᠪᠤᠢ᠃
![]()
![]()
ᠲᠡᠭᠷᠢ ᠡᠯᠡᠰᠤ ᠤᠢ᠍ᠢ᠍ᠷ᠎ᠠ ᠵᠢᠨ ᠵᠢᠯ᠎ᠤᠳ᠎ᠲᠤ 《ᠠᠯᠠᠱ᠌ᠠ ᠵᠢᠨ ᠪᠠᠭ᠋ᠠᠲᠤᠳᠤᠨ ᠴᠤᠭᠯᠠᠭ᠋ᠠᠨ》 ᠵᠶ᠋ᠠᠷ ᠤᠯᠤᠰ᠎ᠤᠨ ᠲᠤᠲᠤᠭ᠋ᠠᠲᠦ ᠭᠠᠲᠠᠭ᠋ᠠᠲᠦᠳᠤ ᠨᠡᠷ᠎ᠡ ᠠᠯᠲᠠᠷᠰᠢᠵᠤ᠂ ᠨᠢᠬᠡᠨᠳᠡ ᠮᠠᠨ᠎ᠤ ᠤᠷᠤᠨ᠎ᠤ ᠬᠠᠮᠤᠬ᠎ᠤᠨ ᠲᠤᠮᠤ ᠬᠡᠬᠡᠷᠡᠯᠡᠨ ᠤᠷᠤᠯᠳᠤᠬᠤ ᠰᠤᠶᠤᠯ ᠵᠢᠭᠤᠯᠴᠢᠯᠠᠯ᠎ᠤᠨ ᠲᠥᠷᠥᠯ ᠲᠡᠮᠳᠡᠭᠳᠤ ᠠᠵᠢᠯᠯᠠᠭ᠎ᠠ ᠪᠤᠯᠪᠠ᠃ 15 ᠳ᠋ᠤᠭ᠋ᠠᠷ ᠬᠤᠭᠤᠴᠠᠭ᠋ᠠᠨ᠎ᠤ ᠠᠯᠠᠱ᠌ᠠ ᠵᠢᠨ ᠪᠠᠭ᠋ᠠᠳᠤᠳ᠎ᠤᠨ ᠴᠤᠬᠯᠠᠭ᠋ᠠᠨ 10 ᠰᠠᠷ᠎ᠠ ᠵᠢᠨ 1 — 5᠎ᠤ ᠡᠳᠤᠷ ᠪᠤᠯᠳᠠᠯ᠎ᠠ ᠲᠡᠭᠷᠢ ᠡᠯᠡᠰᠤ ᠵᠢᠨ ᠮᠸᠡᠭ ᠰᠢᠶᠠᠩ ᠴᠡᠴᠡᠷᠯᠢᠭ᠎ᠲᠤ ᠶᠠᠪᠤᠬᠳᠠᠵᠤ᠂ ᠲᠤᠰ ᠤᠳᠠᠭ᠎ᠠ ᠵᠢᠨ ᠴᠤᠬᠯᠠᠭ᠋ᠠᠨ᠎ᠳᠤ 11 ᠲᠥᠷᠥᠯ᠎ᠤᠨ ᠠᠵᠢᠯᠯᠠᠭ᠎ᠠ᠂ T3 ᠰᠢᠷᠢᠰ ᠤᠷᠤᠯᠳᠤᠭ᠋ᠠᠨ᠂ ᠮᠡᠰᠢᠨ ᠲᠡᠷᠭᠡᠨ᠎ᠤ ᠥᠵᠡᠬᠦᠯᠭᠡ᠂ ᠮᠠᠰᠢᠨ ᠲᠡᠷᠭᠡᠨ᠎ᠤ ᠤᠷᠤᠯᠳᠤᠭ᠋ᠠᠨ᠂ 60 ᠺᠢᠯᠤᠮᠸᠲᠷ᠎ᠤᠨ ᠮᠤᠷᠢᠨ ᠤᠷᠤᠯᠳᠤᠭ᠋ᠠᠨ᠂ ᠵᠤᠭ᠎ᠠ ᠴᠡᠩᠭᠡᠯ᠎ᠤᠨ ᠠᠵᠢᠯᠯᠠᠭ᠎ᠠ᠂ ᠰᠤᠯᠤᠩᠭ᠋ᠠᠨ ᠳ᠋ᠸᠡᠭ᠎ᠤᠨ ᠥᠵᠡᠬᠦᠯᠭᠡ ᠵᠡᠷᠭᠡ ᠠᠵᠢᠯᠯᠠᠭ᠎ᠠ᠎ᠨᠤᠭᠤᠳ᠎ᠢ ᠶᠠᠪᠤᠬᠳᠠᠭᠤᠯᠬᠤ ᠪᠤᠯᠤᠨ᠎ᠠ᠃
ᠪᠠᠳᠠᠢ ᠵᠢᠨ ᠵᠢᠷᠡᠨᠤ ᠡᠯᠡᠰᠤ᠂ ᠲᠡᠭᠷᠢ ᠡᠯᠡᠰᠦ᠂ ᠤᠯᠠᠭ᠋ᠠᠨᠪᠤᠬ᠎ᠠ ᠵᠢᠨ ᠡᠯᠡᠰᠤ ᠁ ᠠᠯᠠᠱ᠌ᠠ ᠵᠢᠨ ᠡᠯᠡᠰᠤ ᠮᠠᠩᠬ᠎ᠠ ᠲᠦᠷᠪᠡᠨ ᠤᠯᠠᠷᠢᠯ ᠵᠶ᠋ᠠᠷ ᠪᠦᠷ ᠭᠤᠶᠤᠬᠠᠨ ᠪᠠᠶ᠋ᠢᠵᠤ᠂ ᠡᠯᠡᠰᠤ ᠮᠠᠩᠬᠠᠨ᠎ᠤ ᠵᠢᠭᠤᠯᠴᠢᠯᠡᠯ ᠨᠢᠭᠡᠨᠳᠠ ᠠᠯᠠᠱ᠌ᠠ ᠵᠢᠨ ᠨᠡᠷ᠎ᠡ ᠵᠢᠨ ᠬᠠᠭᠤᠳᠠᠰᠤ ᠪᠤᠯᠵᠠᠢ᠃ ᠪᠠᠳᠠᠢ ᠵᠢᠨ ᠵᠢᠷᠠᠨ᠎ᠤ ᠡᠯᠡᠰᠤ ᠡᠴᠢᠨ᠎ᠠ ᠨᠢᠭᠤᠴᠠᠬᠠᠢ᠎ᠪᠠᠷ ᠵᠶ᠋ᠠᠨ ᠤᠯᠤᠰ᠎ᠤᠨ ᠲᠤᠳᠤᠭ᠋ᠠᠳᠤ ᠭᠠᠳᠠᠭ᠋ᠠᠳᠤ ᠵᠢᠨ ᠵᠢᠭᠤᠯᠴᠢᠯᠠᠯ᠎ᠤᠨ ᠬᠠᠷᠠᠯᠳᠠᠳᠤ ᠤᠷᠤᠨ ᠪᠤᠯᠵᠤ᠂ ᠲᠡᠭᠷᠢ ᠡᠯᠡᠰᠤ᠎ᠨᠢ ᠬᠠᠯᠳᠠᠷ ᠨᠠᠭᠤᠷ ᠨᠡᠭᠦᠳᠡᠯ᠎ᠤᠨ ᠰᠢᠪᠠᠭᠤᠳ ᠵᠶ᠋ᠠᠷ ᠵᠶ᠋ᠠᠨ ᠵᠢᠭᠤᠯᠴᠢᠯᠠᠬᠰᠡᠳ᠎ᠢ ᠲᠠᠳᠠᠨ᠎ᠠ᠃ ᠬᠠᠪᠤᠷ ᠪᠤᠯᠤᠬᠰᠠᠭ᠋ᠠᠷ ᠲᠡᠭᠷᠢ ᠡᠯᠡᠰᠤ ᠵᠢᠨ ᠬᠦᠨ᠎ᠳᠠᠬᠢ ᠬᠠᠯᠲᠠᠷ ᠨᠠᠭᠤᠷ᠎ᠲᠤ ᠨᠡᠬᠦᠳᠡᠯ᠎ᠤᠨ ᠰᠢᠪᠠᠭᠤᠳ ᠭᠠᠩᠭ᠋ᠠᠨᠠᠯᠲᠤᠨ᠂ ᠡᠨᠡ ᠬᠦ᠌ ᠭᠤᠪᠢ ᠨᠤᠲᠤᠭ᠎ᠤᠨ ᠨᠠᠭᠤᠷ᠎ᠢ ᠠᠮᠢᠵᠢᠷᠠᠯ᠎ᠤᠨ ᠬᠦᠴᠦᠨ ᠵᠶ᠋ᠠᠷ ᠪᠢᠯᠬᠠᠭᠤᠯᠲᠠᠭ ᠪᠢᠯᠡ᠃ ᠠᠳᠡ ᠬᠠᠯᠲᠠᠷ ᠨᠠᠭᠤᠷ᠎ᠤᠨ ᠦᠩᠬᠡ ᠦᠵᠡᠮᠵᠢ ᠵᠢ ᠰᠤᠨᠢᠷᠬᠠᠬᠤ᠎ᠠᠴᠠ ᠭᠠᠲᠠᠨ᠎ᠠ᠂ ᠡᠯᠡᠰᠦᠨ᠎ᠳᠤ ᠭᠤᠯᠭᠤᠨ ᠪᠠᠷᠲᠠᠭ᠎ᠠ ᠲᠤᠭᠤᠯᠵᠦ᠂ ᠦᠳᠡᠰᠢ ᠵᠢᠨ ᠲᠤᠯᠤᠩ᠎ᠳᠤ ᠴᠢᠮᠡᠭᠳᠡᠭᠰᠡᠨ ᠡᠯᠡᠰᠦ ᠮᠠᠩᠬ᠎ᠠ ᠵᠢ ᠴᠦ᠍ ᠰᠤᠨᠢᠷᠬᠠᠵᠦ ᠪᠤᠯᠲᠠᠭ ᠶᠤᠮ᠃
![]()
ᠡᠯᠡᠰᠤ ᠮᠠᠩᠬᠠᠨ᠎ᠤ ᠡᠬᠢ ᠪᠠᠶᠠᠯᠢᠭ᠂ ᠲᠦᠭᠦᠮ ᠲᠦᠳᠠ ᠵᠠᠮ ᠬᠠᠷᠢᠯᠴᠠᠭ᠎ᠠ᠂ ᠵᠢᠭᠤᠯᠴᠢᠯᠠᠯ᠎ᠤᠨ ᠪᠦᠳᠦᠭᠡᠭᠳᠡᠭᠦᠨ᠎ᠤ ᠰᠢᠯᠢᠳᠡᠭᠵᠢᠯ ᠁ ᠮᠠᠨ᠎ᠤ ᠤᠷᠤᠨ᠎ᠤ ᠡᠯ᠎ᠠ ᠭᠠᠵᠠᠷ᠎ᠤᠨ ᠡᠯᠡᠰᠤ ᠮᠠᠩᠬᠠᠨ᠎ᠤ ᠵᠢᠭᠤᠯᠴᠢᠯᠠᠯ᠎ᠤᠨ ᠦᠵᠡᠮᠵᠢ ᠵᠢᠨ ᠤᠷᠤᠨ ᠵᠢᠯ᠎ᠠᠴᠠ ᠵᠢᠯ ᠬᠦᠭᠵᠢᠶᠠᠨᠲᠠᠢ ᠪᠤᠯᠵᠤ ᠪᠠᠶ᠋ᠢᠨ᠎ᠠ᠃ ᠲᠦᠩᠯᠢᠶᠤᠤ ᠬᠤᠳᠠ ᠵᠢᠨ ᠬᠦᠷᠢᠶ᠎ᠠ ᠬᠤᠰᠢᠭᠤ ᠤᠢ᠍ᠢ᠍ᠷ᠎ᠠ ᠵᠢᠨ ᠵᠢᠯ᠎ᠤᠳ᠎ᠲᠤ ᠡᠯᠡᠰᠦ ᠮᠠᠩᠬ᠎ᠠ᠂ ᠭᠤᠤᠯ ᠮᠦᠷᠡᠨ᠂ ᠲᠠᠯ᠎ᠠ ᠨᠤᠲᠤᠭ ᠵᠡᠷᠭᠡ ᠡᠬᠢ ᠪᠠᠶᠠᠯᠢᠭ ᠵᠶ᠋ᠠᠨ ᠦᠨᠳᠦᠰᠦᠲᠡᠨ᠎ᠤ ᠵᠠᠩ ᠦᠢ᠍ᠯᠡ᠎ᠲᠠᠢ᠎ᠪᠠᠨ ᠤᠶᠠᠯᠳᠤᠭᠤᠯᠤᠨ ᠨᠡᠭᠡᠭᠡᠨ ᠬᠦᠭᠵᠢᠭᠦᠯᠵᠤ᠂ ᠡᠯᠡᠰᠦᠨ ᠴᠥᠯ᠎ᠤᠨ ᠶᠡᠷᠦᠩᠬᠡᠶ᠋ᠢᠯᠡᠭᠰᠡᠨ ᠵᠢᠭᠤᠯᠴᠢᠯᠠᠯ᠎ᠤᠨ ᠣᠷᠣᠨ ᠪᠤᠯᠬᠤ ᠮᠦᠡᠭᠬᠦᠨ ᠲᠤᠬᠤᠢ ᠡᠯᠡᠰᠦ ᠮᠠᠩᠬᠠᠨ᠎ᠤ ᠵᠢᠭᠤᠯᠴᠢᠯᠠᠯ᠎ᠤᠨ ᠤᠷᠤᠨ᠎ᠢ ᠪᠠᠶ᠋ᠢᠭᠤᠯᠪᠠ᠃ ᠠᠳᠡ ᠡᠯᠡᠰᠦᠨ ᠴᠤᠬᠢᠶ᠎ᠠ᠂ ᠡᠯᠡᠰᠦᠨ ᠬᠥᠨᠳᠡᠶ ᠡᠯᠡᠰᠦᠨ ᠬᠢᠷᠠᠨᠤᠭᠤᠳ ᠦᠷᠭᠦᠯᠵᠢᠯᠡᠵᠤ᠂ ᠡᠯᠡᠰᠦᠨ ᠴᠦᠯ᠂ ᠠᠭᠤᠯᠠ ᠨᠢᠷᠤᠭᠤ᠂ ᠭᠤᠤᠯ ᠮᠦᠷᠡᠨ᠂ ᠲᠠᠯ᠎ᠠ ᠨᠤᠲᠤᠬ᠎ᠤᠨ ᠨᠢᠭᠡ ᠴᠤᠬ᠍ᠴᠠᠵᠢᠬᠰᠠᠨ ᠦᠩᠬᠡ ᠦᠵᠡᠮᠵᠢ᠎ᠨᠢ ᠲᠦᠷᠪᠡᠨ ᠵᠦᠭ ᠨᠠᠢ᠍ᠮᠠᠨ ᠵᠤᠪᠬᠢᠰ᠎ᠠᠴᠠ ᠬᠦᠷᠦᠯᠴᠡᠨ ᠢᠷᠡᠭᠰᠡᠨ ᠵᠢᠭᠤᠯᠴᠢᠯᠠᠬᠰᠡᠳ᠎ᠢ ᠰᠤᠭᠳᠤᠭᠤᠷᠠᠭᠤᠯᠵᠤ᠂ ᠲᠤᠮᠳᠠᠴᠢ᠎ᠪᠠᠷ ᠵᠢᠯ ᠪᠦᠷᠢ ᠤᠯᠤᠰ᠎ᠤᠨ ᠲᠤᠳᠤᠭ᠋ᠠᠳᠤ ᠭᠠᠳᠠᠭ᠋ᠠᠳᠤ ᠵᠢᠨ 100 ᠲᠦᠮᠡ ᠭᠠᠷᠤᠢ ᠵᠢᠭᠤᠯᠴᠢᠯᠠᠭᠴᠢ ᠵᠢ ᠬᠦᠯᠢᠶᠠᠨ ᠠᠪᠴᠤ ᠵᠤᠴᠢᠯᠠᠵᠤ ᠪᠠᠶ᠋ᠢᠨ᠎ᠠ᠃
ᠡᠴᠢᠨ᠎ᠠ ᠭᠠᠶ᠋ᠢᠬᠠᠯᠳᠠᠢ ᠡᠯᠡᠰᠤ ᠮᠠᠩᠬᠠᠨᠤᠭᠤᠳ ᠲᠤᠬᠠᠢ ᠵᠢᠨ ᠭᠠᠵᠠᠷ᠎ᠤᠨ ᠵᠶ᠋ᠠᠨ ᠪᠠᠶ᠋ᠢᠭ᠋ᠠᠯᠢ ᠵᠢᠨ ᠦᠵᠡᠮᠵᠢ᠂ ᠰᠤᠶᠤᠯ ᠵᠠᠩᠰᠢᠯ᠂ ᠦᠤᠬᠡ ᠲᠡᠦᠬᠡ᠎ᠲᠠᠢ ᠤᠷᠭ᠋ᠠᠨᠢᠭ ᠵᠶ᠋ᠠᠷ ᠤᠶᠠᠯᠳᠤᠵᠤ᠂ ᠨᠢᠬᠡᠨᠳᠡ ᠦᠪᠤᠷ ᠮᠤᠩᠭᠤᠯ᠎ᠤᠨ ᠰᠤᠶᠤᠯ ᠵᠢᠭᠤᠯᠴᠢᠯᠠᠯ᠎ᠤᠨ ᠦᠢ᠍ᠯᠡᠰ᠎ᠤᠨ ᠪᠠᠶᠠᠨ ᠰᠠᠩ ᠪᠤᠯᠤᠬᠰᠠᠨ ᠪᠢᠯᠡ᠃
![]()