![]()
ᠤᠢ᠌ᠷ᠎ᠠ᠎ᠳᠤ᠂ ᠨᠢᠭᠡ ᠰᠦᠷᠦᠭ ᠬᠤᠨ ᠭᠠᠯᠠᠭᠤ ᠯᠤᠤᠬ᠎ᠠ ᠵᠢᠨ ᠭᠣᠣᠯ᠎ᠤᠨ ᠨᠠᠢ᠍ᠮᠠᠨ ᠬᠤᠰᠢᠭᠤᠨ᠎ᠤ ᠤᠯᠢᠶᠠᠰᠤ ᠰᠢᠶᠠᠩ᠎ᠤᠨ ᠬᠡᠰᠡᠭ᠎ᠲᠤ ᠭᠠᠩᠭ᠋ᠠᠨᠠᠨ ᠲᠤᠨᠭ᠌ᠭᠤᠳᠴᠤ᠂ ᠬᠥᠮᠦᠨ ᠪᠠᠢ᠌ᠭ᠋ᠠᠯᠢ ᠡᠶ᠎ᠡ ᠵᠤᠬᠢᠴᠠᠩᠭᠤᠢ᠎ᠪᠠᠷ ᠤᠷᠤᠰᠢᠬᠤ ᠠᠮᠢ ᠠᠬᠤᠢ ᠵᠢᠨ ᠵᠢᠷᠤᠭ ᠵᠢᠷᠤᠭᠯᠠᠪᠠ᠃ ᠤᠢ᠌ᠷ᠎ᠠ ᠵᠢᠨ ᠵᠢᠯ᠎ᠳᠤ ᠨᠠᠢ᠍ᠮᠠᠨ ᠬᠤᠰᠢᠭᠤ ᠤᠰᠤᠨ᠎ᠤ ᠴᠢᠨᠠᠷ᠎ᠤᠨ ᠠᠮᠢ ᠠᠬᠤᠶ ᠵᠢ ᠵᠠᠰᠠᠨ ᠰᠡᠷᠭᠦᠭᠡᠬᠦ᠂ ᠨᠠᠭᠤᠷ ᠴᠥᠭᠥᠷᠥᠮ ᠤᠨ ᠤᠰᠤᠨ᠎ᠤ ᠤᠷᠭᠤᠮᠠᠯ᠎ᠳᠤ ᠲᠣᠬᠢᠷᠠᠭᠤᠯᠤᠯᠲᠠ ᠬᠢᠬᠦ ᠵᠡᠷᠭᠡ ᠠᠷᠭ᠎ᠠ ᠬᠡᠮᠵᠢᠶ᠎ᠡ᠎ᠪᠠᠷ ᠳᠠᠮᠵᠢᠭᠤᠯᠤᠨ ᠠᠮᠢ ᠠᠬᠤᠶ ᠵᠢᠨ ᠪᠥᠲᠥᠭᠡᠨ ᠪᠠᠢ᠌ᠭᠤᠯᠤᠯᠳᠠ ᠵᠢ ᠦᠷᠭᠦᠯᠵᠢᠯᠡᠨ ᠴᠢᠩᠭ᠋ᠠᠳᠬᠠᠵᠤ᠂ ᠬᠤᠨ ᠭᠠᠯᠠᠭᠤ᠂ ᠬᠡᠭᠡᠷ᠎ᠡ ᠵᠢᠨ ᠭᠠᠯᠠᠭᠤ ᠵᠡᠷᠭᠡ ᠨᠡᠭᠦᠳᠡᠯ᠎ᠤᠨ ᠰᠢᠪᠠᠭᠤᠳ᠎ᠲᠤ ᠰᠠᠢ᠌ᠨ ᠰᠠᠢ᠌ᠬᠠᠨ ᠤᠷᠤᠰᠢᠨ ᠠᠮᠢᠳᠤᠷᠠᠬᠤ ᠤᠷᠴᠢᠨ ᠲᠤᠭᠤᠷᠢᠨ ᠬᠠᠩᠭ᠋ᠠᠭ᠌ᠰᠠᠨ ᠪᠠᠢ᠌ᠨ᠎ᠠ᠃ ᠡᠳᠡᠭᠡᠷ ᠬᠡᠳᠦᠨ ᠲᠦᠮᠡᠨ ᠨᠡᠭᠦᠳᠡᠯ᠎ᠤᠨ ᠰᠢᠪᠠᠭᠤ ᠯᠤᠤᠬ᠎ᠠ ᠵᠢᠨ ᠭᠤᠤᠯ᠎ᠳᠤ ᠲᠦᠷ ᠠᠮᠠᠷᠠᠭᠰᠠᠨ᠎ᠤ ᠳᠠᠷᠠᠭ᠎ᠠ ᠦᠷᠭᠦᠯᠵᠢᠯᠡᠨ ᠤᠮᠠᠷᠠᠰᠢ ᠨᠡᠭᠦᠳᠡᠯᠯᠡᠬᠦ ᠪᠣᠯᠤᠨ᠎ᠠ᠃