2024 ᠣᠨ᠎ᠤ ᠥᠪᠡᠷᠲᠡᠭᠡᠨ ᠵᠠᠰᠠᠬᠤ ᠣᠷᠣᠨ᠎ᠤ ᠣᠶ ᠰᠢᠭᠤᠢ ᠵᠢᠨ ᠳᠠᠷᠤᠭ᠎ᠠ ᠵᠢᠨ ᠬᠤᠷᠠᠯ᠎ᠤᠨ ᠵᠣᠷᠢᠭ ᠰᠠᠨᠠᠭ᠎ᠠ ᠵᠢ ᠲᠤᠭᠤᠰᠢᠯᠠᠭᠤᠯᠤᠨ ᠨᠠᠶ᠋ᠢᠳᠠᠪᠤᠷᠢᠵᠢᠭᠤᠯᠵᠤ᠂ ᠣᠶ ᠰᠢᠭᠤᠢ ᠵᠢᠨ ᠳᠠᠷᠤᠭ᠎ᠠ ᠵᠢᠨ ᠲᠦᠷᠢᠮ᠎ᠤᠨ ᠪᠦᠷᠢᠯᠳᠦᠬᠦᠨ ᠨᠢᠭᠡᠴᠢ ᠵᠢᠨ ᠣᠯᠣᠯᠴᠠᠭ᠎ᠠ ᠬᠠᠮᠵᠢᠯᠴᠠᠭ᠎ᠠ ᠵᠢ ᠭᠦᠢ᠍ᠴᠡᠳ ᠪᠠᠳᠠᠷᠠᠭᠤᠯᠤᠨ᠂ 2024 ᠣᠨ᠎ᠤ ᠣᠶ ᠰᠢᠭᠤᠢ ᠵᠢᠨ ᠳᠠᠷᠤᠭ᠎ᠠ ᠵᠢᠨ ᠲᠦᠷᠢᠮ᠎ᠤᠨ ᠠᠵᠢᠯ᠎ᠢ ᠰᠠᠶ᠋ᠢᠲᠤᠷ ᠬᠢᠬᠦ ᠵᠢᠨ ᠲᠤᠰᠠᠳᠠ᠂ ᠥᠪᠡᠷᠲᠡᠭᠡᠨ ᠵᠠᠰᠠᠬᠤ ᠣᠷᠣᠨ᠎ᠤ ᠣᠶ ᠰᠢᠭᠤᠢ ᠵᠢᠨ ᠳᠠᠷᠤᠭ᠎ᠠ ᠵᠢᠨ ᠲᠦᠷᠢᠮ᠎ᠤᠨ ᠠᠯᠪᠠᠨ ᠬᠡᠷ 3 ᠰᠠᠷ᠎ᠠ ᠵᠢᠨ 12᠎ᠤᠨ ᠡᠳᠦᠷ ᠥᠪᠡᠷᠲᠡᠭᠡᠨ ᠵᠠᠰᠠᠬᠤ ᠣᠷᠣᠨ᠎ᠤ ᠣᠶ ᠰᠢᠭᠤᠢ ᠵᠢᠨ ᠳᠠᠷᠤᠭ᠎ᠠ ᠵᠢᠨ ᠲᠦᠷᠢᠮ᠎ᠤᠨ ᠪᠦᠷᠢᠯᠳᠦᠬᠦᠨ ᠨᠢᠭᠡᠴᠢ ᠵᠢᠨ ᠬᠤᠷᠠᠯ᠎ᠢ ᠬᠤᠷᠠᠯᠳᠤᠭᠤᠯᠪᠠ᠃ ᠥᠪᠡᠷᠲᠡᠭᠡᠨ ᠵᠠᠰᠠᠬᠤ ᠣᠷᠣᠨ᠎ᠤ ᠣᠢ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ ᠵᠢᠨ ᠳᠡᠳ᠋ ᠲᠤᠪᠴᠢᠶᠠᠨ ᠳᠠᠷᠤᠭ᠎ᠠ ᠲᠢᠶᠸ ᠨᠢᠤ ᠬᠤᠷᠠᠯ᠎ᠢ ᠡᠷᠬᠢᠯᠡᠵᠦ᠂ ᠥᠪᠡᠷᠲᠡᠭᠡᠨ ᠵᠠᠰᠠᠬᠤ ᠣᠷᠣᠨ᠎ᠤ ᠣᠢ ᠰᠢᠭᠤᠶ ᠨᠤᠲᠤᠭ ᠪᠡᠯᠴᠢᠭᠡᠷ᠎ᠤᠨ ᠲᠣᠪᠴᠢᠶ᠎ᠠ ᠵᠢᠨ ᠬᠠᠮᠢᠶ᠎ᠠ ᠪᠦᠬᠦᠢ ᠭᠠᠵᠠᠷ᠎ᠤᠨ ᠬᠠᠷᠢᠭᠤᠴᠠᠯᠭ᠋ᠠᠲᠠᠨ ᠨᠥᠬᠥᠳ ᠬᠤᠷᠠᠯ᠎ᠳᠤ ᠣᠷᠣᠯᠴᠠᠪᠠ᠃

ᠬᠤᠷᠠᠯ᠎ᠤᠨ ᠭᠤᠤᠯ ᠵᠣᠷᠢᠭ ᠰᠠᠨᠠᠭ᠎ᠠ ᠵᠢ ᠤᠯᠠᠮᠵᠢᠯᠠᠨ ᠰᠤᠷᠤᠯᠴᠠᠵᠤ᠂ 2023 ᠣᠨ᠎ᠤ ᠪᠥᠬᠥ ᠣᠷᠣᠨ᠎ᠤ ᠣᠶ ᠰᠢᠭᠤᠢ ᠵᠢᠨ ᠳᠠᠷᠤᠭ᠎ᠠ ᠵᠢᠨ ᠲᠦᠷᠢᠮ᠎ᠤᠨ ᠠᠵᠢᠯ᠎ᠢ ᠥᠷᠨᠢᠭᠦᠯᠦᠭᠰᠡᠨ ᠪᠠᠶ᠋ᠢᠳᠠᠯ᠎ᠢ ᠵᠠᠷᠯᠠᠨ ᠮᠡᠳᠡᠭᠳᠡᠵᠦ᠂ 《ᠥᠪᠡᠷᠲᠡᠭᠡᠨ ᠵᠠᠰᠠᠬᠤ ᠣᠷᠣᠨ᠎ᠤ 2024 ᠣᠨ᠎ᠤ ᠣᠶ ᠰᠢᠭᠤᠢ ᠵᠢᠨ ᠳᠠᠷᠤᠭ᠎ᠠ ᠵᠢᠨ ᠲᠦᠷᠢᠮ᠎ᠤᠨ ᠠᠵᠢᠯ᠎ᠤᠨ ᠭᠤᠤᠯᠳᠠᠯᠭ᠎ᠠ》᠎ᠳᠤ ᠲᠠᠶ᠋ᠢᠯᠤᠮᠵᠢ ᠬᠢᠭᠰᠡᠨ ᠪᠥᠭᠡᠳ ᠲᠠᠷᠠᠭ᠋ᠠᠴᠢ ᠵᠢᠨ ᠠᠯᠬᠤᠮ᠎ᠤᠨ ᠣᠶ ᠰᠢᠭᠤᠢ ᠵᠢᠨ ᠳᠠᠷᠤᠭ᠎ᠠ ᠵᠢᠨ ᠲᠦᠷᠢᠮ᠎ᠤᠨ ᠠᠵᠢᠯ᠎ᠢ ᠳᠣᠭᠢᠷᠠᠭᠤᠯᠤᠨ ᠪᠠᠶ᠋ᠢᠷᠢᠯᠠᠭᠤᠯᠪᠠ᠃

ᠬᠤᠷᠠᠯ᠎ᠠᠴᠠ᠂ ᠨᠢᠭᠡ᠎ᠳᠤ ᠮᠠᠨ᠎ᠤ ᠤᠯᠤᠰ᠎ᠤᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨ᠎ᠤ ᠬᠠᠯᠬᠠᠪᠴᠢ ᠵᠢ ᠪᠠᠲᠤ ᠴᠣᠭᠴᠠᠯᠠᠬᠤ ᠬᠠᠷᠢᠭᠤᠴᠠᠯᠭ᠋ᠠᠲᠤ ᠰᠡᠳᠬᠢᠯᠭᠡ᠎ᠪᠠᠨ ᠴᠢᠨᠠᠭᠰᠢᠳᠠ ᠴᠢᠩᠭ᠋ᠠᠳᠬᠠᠬᠤ ᠬᠡᠷᠡᠭᠲᠡᠢ᠃ ᠶᠡᠷᠦᠩᠬᠡᠶ ᠱᠦᠵᠢ ᠰᠢ ᠵᠢᠨ ᠫᠢᠩ᠎ᠤᠨ ᠣᠶ ᠰᠢᠭᠤᠢ ᠵᠢᠨ ᠳᠠᠷᠤᠭ᠎ᠠ ᠵᠢᠨ ᠲᠦᠷᠢᠮ᠎ᠤᠨ ᠠᠵᠢᠯ᠎ᠤᠨ ᠲᠤᠬᠠᠶ ᠴᠢᠬᠤᠯᠠ ᠥᠭᠦᠯᠡᠯᠲᠡ ᠵᠢ ᠭᠦᠨᠵᠡᠭᠡᠶ ᠣᠶ᠋ᠢᠯᠠᠭ᠋ᠠᠵᠤ᠂ 《ᠤᠯᠤᠰ᠎ᠤᠨ ᠶᠡᠬᠡ ᠶᠠᠪᠤᠳᠠᠯ》᠎ᠢ ᠪᠠᠲᠤ ᠴᠡᠭᠡᠵᠢᠯᠡᠨ᠂ ᠣᠶ ᠰᠢᠭᠤᠢ ᠵᠢᠨ ᠳᠠᠷᠤᠭ᠎ᠠ ᠵᠢᠨ ᠲᠦᠷᠢᠮ᠎ᠤᠨ 《ᠬᠤᠷᠴᠠ ᠰᠡᠯᠡᠮ᠎ᠡ》 ᠵᠢ ᠰᠠᠶ᠋ᠢᠲᠤᠷ ᠬᠡᠷᠡᠭᠯᠡᠵᠦ᠂ ᠥᠪᠡᠷᠲᠡᠭᠡᠨ ᠵᠠᠰᠠᠬᠤ ᠣᠷᠣᠨ᠎ᠤ 2024 ᠣᠨ᠎ᠤ 1 ᠳ᠋ᠦ᠍ᠭᠡᠷ ᠲᠣᠭ᠋ᠠᠲᠤ ᠣᠶ ᠰᠢᠭᠤᠢ ᠵᠢᠨ ᠳᠠᠷᠤᠭ᠎ᠠ ᠵᠢᠨ ᠶᠡᠷᠦᠩᠬᠡᠶ ᠵᠠᠷᠯᠢᠭ᠎ᠤᠨ ᠪᠠᠶ᠋ᠢᠷᠢᠯᠠᠭᠤᠯᠤᠯᠲᠠ ᠶᠣᠰᠣᠭ᠋ᠠᠷ᠂ ᠨᠠᠶ᠋ᠢᠳᠠᠪᠤᠷᠢᠵᠢᠭᠤᠯᠤᠯᠲᠠ ᠵᠢ ᠠᠳᠬᠤᠵᠤ᠂ ᠣᠶ ᠰᠢᠭᠤᠢ ᠵᠢᠨ ᠳᠠᠷᠤᠭ᠎ᠠ ᠵᠢᠨ ᠲᠦᠷᠢᠮ᠎ᠤᠨ ᠠᠵᠢᠯ᠎ᠤᠨ ᠲᠤᠬᠠᠶ ᠶᠡᠷᠦᠩᠬᠡᠶ ᠱᠦᠵᠢ ᠰᠢ ᠵᠢᠨ ᠫᠢᠩ ᠪᠣᠯᠤᠨ ᠨᠠᠮ᠎ᠤᠨ ᠲᠥᠪ ᠬᠣᠷᠢᠶ᠎ᠠ ᠵᠢᠨ ᠰᠢᠢ᠍ᠳᠪᠦᠷᠢᠲᠤ ᠪᠣᠳᠣᠯᠭ᠎ᠠ ᠵᠢᠨ ᠪᠠᠶ᠋ᠢᠷᠢᠯᠠᠭᠤᠯᠤᠯᠲᠠ ᠵᠢᠴᠢ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠣᠶ ᠰᠢᠭᠤᠢ ᠵᠢᠨ ᠳᠠᠷᠤᠭ᠎ᠠ ᠵᠢᠨ ᠲᠦᠷᠢᠮ᠎ᠤᠨ ᠠᠵᠢᠯ᠎ᠤᠨ ᠱᠠᠭ᠋ᠠᠷᠳᠠᠯᠭ᠎ᠠ ᠵᠢ ᠨᠠᠶ᠋ᠢᠳᠠᠪᠤᠷᠢᠵᠢᠭᠤᠯᠤᠨ ᠦᠷ᠎ᠡ ᠪᠦᠲᠦᠮᠵᠢ ᠤᠯᠬᠤ ᠵᠢ ᠦᠨᠡᠨᠬᠦ ᠪᠠᠲᠤᠯᠠᠨ᠎ᠠ᠃ ᠬᠣᠶᠠᠷ᠎ᠲᠤ᠂ ᠤᠢ ᠰᠢᠭᠤᠢ ᠵᠢᠨ ᠳᠠᠷᠤᠭ᠎ᠠ ᠵᠢᠨ ᠲᠦᠷᠢᠮ᠎ᠤᠨ ᠠᠵᠢᠯ ᠵᠶ᠋ᠠᠷ ᠭᠠᠷᠳᠠᠴᠠ ᠪᠣᠯᠭ᠋ᠠᠵᠤ᠂ ᠡᠯ᠎ᠡ ᠱᠠᠲᠤᠨ᠎ᠤ ᠨᠠᠮ᠎ᠤᠨ ᠬᠤᠷᠢᠶ᠎ᠠ ᠵᠠᠰᠠᠭ᠎ᠤᠨ ᠣᠷᠳᠣᠨ᠎ᠤ ᠤᠢ ᠰᠢᠭᠤᠢ ᠨᠤᠲᠤᠭ ᠪᠡᠯᠴᠢᠭᠡᠷ᠎ᠤᠨ ᠡᠬᠢ ᠪᠠᠶᠠᠯᠢᠭ᠎ᠢ ᠬᠠᠮᠠᠭ᠋ᠠᠯᠠᠨ ᠬᠥᠭᠵᠢᠭᠦᠯᠬᠦ ᠭᠣᠣᠯ ᠴᠣᠭᠴᠠ ᠵᠢᠨ ᠬᠠᠷᠢᠭᠤᠴᠠᠯᠭ᠎ᠠ ᠵᠢ ᠦᠨᠡᠨ ᠬᠦ᠌ ᠪᠣᠳᠠᠲᠠᠶ᠋ᠢᠵᠢᠭᠤᠯᠵᠤ᠂ ᠡᠯ᠎ᠡ ᠲᠠᠯ᠎ᠠ ᠵᠢᠨ ᠬᠦᠴᠦᠨ᠎ᠢ ᠲᠠᠢ᠍ᠢ᠍ᠴᠢᠯᠠᠨ ᠤᠢ ᠰᠢᠭᠤᠢ ᠵᠢᠨ ᠳᠠᠷᠤᠭ᠎ᠠ ᠵᠢᠨ ᠲᠦᠷᠢᠮ᠎ᠤᠨ ᠡᠯ᠎ᠡ ᠵᠦᠢ᠍ᠯ᠎ᠤᠨ ᠠᠵᠢᠯ᠎ᠢ ᠪᠣᠳᠠᠲᠠᠢ ᠨᠠᠷᠢᠯᠢᠭ ᠬᠢᠬᠦ ᠬᠡᠷᠡᠭᠲᠡᠢ᠃ ᠡᠯ᠎ᠡ ᠪᠦᠷᠢᠯᠳᠦᠬᠦᠨ ᠨᠢᠭᠡᠴᠢ ᠵᠢᠨ᠎ᠬᠢᠨ ᠡᠨᠡ ᠵᠢᠯ᠎ᠤᠨ ᠶᠡᠷᠦᠩᠬᠡᠶ ᠣᠶ ᠵᠢᠨ ᠳᠠᠷᠤᠭ᠎ᠠ ᠵᠢᠨ ᠵᠠᠷᠯᠢᠭ᠎ᠲᠠᠢ ᠬᠠᠷᠭᠤᠭᠤᠯᠵᠤ᠂ ᠪᠣᠳᠠᠲᠠᠶ ᠠᠷᠭ᠎ᠠ ᠬᠡᠮᠵᠢᠶ᠎ᠡ ᠵᠢ ᠨᠠᠷᠢᠯᠢᠬ᠍ᠵᠢᠭᠤᠯᠤᠨ ᠪᠣᠳᠠᠲᠠᠶ᠋ᠢᠵᠢᠭᠤᠯᠵᠤ᠂ ᠣᠨ᠎ᠤ ᠣᠶ ᠰᠢᠭᠤᠢ ᠵᠢᠨ ᠳᠠᠷᠤᠭ᠎ᠠ ᠵᠢᠨ ᠲᠦᠷᠢᠮ᠎ᠤᠨ ᠡᠭᠦᠷᠭᠡ ᠵᠢ ᠥᠨᠳᠥᠷ ᠪᠦᠲᠦᠮᠵᠢᠲᠡᠶ᠎ᠪᠠᠷ ᠪᠡᠶᠡᠯᠡᠭᠦᠯᠬᠦ ᠬᠡᠷᠡᠭᠲᠡᠶ᠃ ᠭᠤᠷᠪᠠ᠎ᠳᠤ ᠤᠢ ᠰᠢᠭᠤᠢ ᠵᠢᠨ ᠳᠠᠷᠤᠭ᠎ᠠ ᠵᠢᠨ ᠳᠦᠷᠢᠮ᠎ᠤᠨ ᠵᠣᠬᠢᠴᠠᠭᠤᠯᠬᠤ ᠲᠣᠭᠲᠠᠴᠠ ᠵᠢ ᠤᠯᠠᠮ ᠨᠢᠭᠡ ᠠᠯᠬᠤᠮ ᠰᠠᠶ᠋ᠢᠲᠤᠷ ᠬᠡᠷᠡᠭᠯᠡᠬᠦ ᠬᠡᠷᠡᠭᠲᠡᠶ᠃ ᠡᠯ᠎ᠡ ᠪᠦᠷᠢᠯᠳᠦᠬᠦᠨ ᠨᠢᠭᠡᠴᠢ ᠵᠢᠨ᠎ᠬᠢᠨ 《ᠨᠢᠭᠡ ᠬᠥᠯᠭᠡ ᠰᠢᠳᠠᠷ᠎ᠠ》 ᠵᠢᠨ ᠦᠵᠡᠯ ᠰᠠᠨᠠᠭ᠎ᠠ ᠵᠢ ᠪᠠᠲᠤ ᠪᠤᠢ ᠪᠣᠯᠭ᠋ᠠᠬᠤ ᠬᠡᠷᠡᠭᠲᠡᠢ᠂ ᠰᠠᠯᠠᠭ᠎ᠠ ᠮᠥᠴᠢᠷ᠎ᠤᠨ ᠳᠠᠪᠠᠭᠤᠯᠢᠭ ᠪᠠ ᠡᠭᠦᠷᠭᠡ ᠴᠢᠳᠠᠪᠤᠷᠢ ᠵᠢᠨ ᠦᠢ᠍ᠯᠡᠳᠦᠯ᠎ᠢ ᠭᠦᠢ᠍ᠴᠡᠳ ᠪᠠᠳᠠᠷᠠᠭᠤᠯᠤᠨ᠎ᠠ᠂ ᠴᠢᠳᠠᠮᠵᠢ ᠵᠢᠨ ᠪᠠᠶ᠋ᠢᠷᠢ ᠲᠣᠭᠲᠠᠭ᠋ᠠᠯᠲᠠ ᠪᠠ ᠬᠦᠴᠦᠯᠡᠬᠦ ᠴᠢᠭᠯᠡᠯ᠎ᠢ ᠵᠦᠶ ᠵᠣᠬᠢᠰᠲᠠᠶ ᠲᠣᠭᠲᠠᠭ᠋ᠠᠨ᠎ᠠ᠂ ᠲᠤᠰ ᠲᠤᠰ᠎ᠤᠨ ᠡᠭᠦᠷᠭᠡ ᠬᠠᠷᠢᠭᠤᠴᠠᠯᠭ᠎ᠠ᠎ᠪᠠᠨ ᠭᠦᠢ᠍ᠴᠡᠳᠬᠡᠵᠦ᠂ ᠬᠠᠮᠲᠤᠷᠠᠯᠴᠠᠭ᠎ᠠ᠎ᠪᠠᠨ ᠭᠦᠨᠵᠡᠭᠡᠶ᠋ᠢᠷᠡᠭᠦᠯᠦᠨ᠎ᠡ᠂ ᠣᠶ ᠰᠢᠭᠤᠶ ᠨᠤᠲᠤᠭ ᠪᠡᠯᠴᠢᠭᠡᠷ᠎ᠤᠨ ᠡᠬᠢ ᠪᠠᠶᠠᠯᠢᠭ᠎ᠢ ᠬᠠᠮᠠᠭ᠋ᠠᠯᠠᠨ ᠬᠥᠭᠵᠢᠭᠦᠯᠬᠦ ᠬᠠᠮᠢᠶ᠎ᠠ ᠪᠥᠬᠥᠶ ᠬᠠᠷᠢᠭᠤᠴᠠᠯᠭ᠎ᠠ᠎ᠪᠠᠨ ᠦᠨᠡᠨ ᠬᠦ᠌ ᠰᠠᠶ᠋ᠢᠲᠤᠷ ᠭᠦᠢ᠍ᠴᠡᠳᠬᠡᠬᠦ ᠬᠡᠷᠡᠭᠲᠡᠶ᠂ ᠥᠪᠡᠷᠲᠡᠭᠡᠨ ᠵᠠᠰᠠᠬᠤ ᠣᠷᠣᠨ᠎ᠤ ᠶᠡᠷᠦᠩᠬᠡᠶ ᠣᠢ ᠰᠢᠭᠤᠶ ᠵᠢᠨ ᠳᠠᠷᠤᠭ᠎ᠠ ᠵᠢᠨ ᠤᠳᠤᠷᠢᠳᠤᠯᠭ᠎ᠠ ᠳᠤᠤᠷᠠᠬᠢ 《ᠰᠠᠯᠠᠭ᠎ᠠ ᠮᠥᠴᠢᠷ᠎ᠤᠨ ᠬᠠᠮᠵᠢᠯᠴᠠᠭ᠎ᠠ》 ᠵᠢ ᠦᠷᠭᠦᠯᠵᠢᠯᠡᠨ ᠪᠡᠬᠢᠵᠢᠬᠦᠯᠵᠦ᠂ ᠬᠠᠷᠢᠯᠴᠠᠨ ᠬᠠᠮᠵᠢᠯᠴᠠᠨ᠂ 《ᠳᠠᠪᠠᠭᠤᠯᠢᠭ ᠵᠶ᠋ᠠᠨ ᠬᠠᠷᠢᠯᠴᠠᠨ ᠪᠠᠳᠠᠷᠠᠭᠤᠯᠵᠤ᠂ ᠬᠦᠴᠦ᠎ᠪᠠᠨ ᠬᠠᠮᠳᠤᠳᠬᠠᠨ ᠢᠯᠠᠯᠳᠠ ᠤᠯᠬᠤ》 ᠵᠢ ᠴᠢᠷᠮᠠᠶ᠋ᠢᠨ ᠪᠠᠢ᠍ᠭᠤᠯᠤᠨᠠ᠂ ᠣᠶ ᠰᠢᠭᠤᠶ ᠵᠢᠨ ᠳᠠᠷᠤᠭ᠎ᠠ ᠵᠢᠨ ᠲᠦᠷᠢᠮ᠎ᠤᠨ ᠠᠵᠢᠯ᠎ᠤᠨ ᠰᠢᠨ᠎ᠡ ᠪᠠᠶ᠋ᠢᠷᠢᠰᠢᠯ᠎ᠢ ᠪᠤᠢ ᠪᠤᠯᠭ᠋ᠠᠵᠤ᠂ ᠬᠠᠮᠵᠢᠯᠴᠠᠨ ᠬᠣᠯᠪᠣᠭ᠋ᠠᠯᠠᠨ ᠬᠥᠳᠡᠯᠦᠯᠴᠡᠬᠦ᠎ᠪᠠᠷ ᠮᠠᠨ᠎ᠤ ᠤᠯᠤᠰ᠎ᠤᠨ ᠤᠮᠠᠷᠠᠲᠤ ᠵᠢᠨ ᠴᠢᠬᠤᠯᠠ ᠠᠮᠢ ᠠᠬᠤᠶ ᠵᠢᠨ ᠠᠮᠤᠷ ᠲᠦᠪᠰᠢᠨ᠎ᠤ ᠬᠠᠯᠬᠠᠪᠴᠢ ᠵᠢ ᠪᠠᠲᠤ ᠴᠣᠭᠴᠠᠯᠠᠬᠤ᠎ᠳᠤ ᠬᠡᠷᠡᠯ ᠭᠢᠯᠪᠠᠭ᠎ᠠ ᠨᠡᠮᠡᠷᠢᠯᠡᠨ᠎ᠡ᠃
ᠳᠠᠷᠠᠭ᠋ᠠᠴᠢ ᠵᠢᠨ ᠠᠯᠬᠤᠮ᠎ᠳᠤ᠂ ᠥᠪᠡᠷᠲᠡᠭᠡᠨ ᠵᠠᠰᠠᠬᠤ ᠣᠷᠣᠨ᠎ᠤ ᠤᠢ ᠰᠢᠭᠤᠢ ᠵᠢᠨ ᠳᠠᠷᠤᠭ᠎ᠠ ᠵᠢᠨ ᠠᠯᠪᠠᠨ ᠭᠡᠷ ᠦᠷᠭᠦᠯᠵᠢᠯᠡᠨ ᠡᠯ᠎ᠡ ᠪᠦᠷᠢᠯᠳᠦᠬᠦᠨ ᠨᠢᠭᠡᠴᠢ᠎ᠯᠦᠭᠡ ᠵᠢᠨ ᠤᠯᠤᠯᠴᠠᠭ᠎ᠠ ᠵᠣᠬᠢᠴᠠᠭᠤᠯᠭ᠎ᠠ ᠪᠣᠯᠤᠨ ᠬᠠᠮᠵᠢᠯᠴᠠᠭ᠎ᠠ ᠬᠤᠷᠰᠢᠯᠴᠠᠭ᠎ᠠ᠎ᠪᠠᠨ ᠴᠢᠩᠭ᠋ᠠᠳᠬᠠᠵᠤ᠂ ᠬᠠᠮᠲᠤ᠎ᠪᠠᠷ ᠬᠠᠮᠠᠭ᠋ᠠᠯᠠᠬᠤ᠂ ᠬᠥᠭᠵᠢᠭᠦᠯᠬᠦ᠂ ᠠᠰᠢᠭᠯᠠᠬᠤ ᠠᠷᠭ᠎ᠠ ᠵᠠᠮ᠎ᠢ ᠭᠦᠨᠵᠡᠭᠡᠢ ᠰᠦᠪᠡᠭᠴᠢᠯᠡᠨ᠂ ᠤᠯᠠᠨ ᠡᠰᠢᠲᠦ ᠭᠣᠣᠯ ᠴᠣᠭᠴᠠ ᠵᠢ ᠬᠠᠮᠲᠤ᠎ᠪᠠᠷ ᠪᠠᠶ᠋ᠢᠭᠤᠯᠵᠤ᠂ ᠬᠠᠮᠲᠤ᠎ᠪᠠᠷ ᠬᠠᠮᠢᠶᠠᠷᠬᠤ᠂ ᠠᠳᠠᠯᠢ ᠴᠢᠭᠯᠡᠯ ᠵᠶ᠋ᠠᠷ ᠬᠦᠴᠦᠯᠡᠬᠦ᠂ ᠡᠬᠢ ᠪᠠᠶᠠᠯᠢᠭ᠎ᠢ ᠨᠡᠶ᠋ᠢᠳᠬᠡᠬᠦ ᠶᠡᠬᠡ ᠪᠠᠶ᠋ᠢᠷᠢᠰᠢᠯ᠎ᠢ ᠲᠠᠰᠤᠷᠠᠯᠲᠠ ᠦᠭᠡᠢ ᠪᠠᠶ᠋ᠢᠭᠤᠯᠤᠨ᠎ᠠ᠃