ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠢᠯᠡ ᠵᠠᠰᠠᠭ   -   ᠲᠥᠷᠥ᠎ᠶᠢᠨ ᠪᠣᠳᠣᠯᠭ᠎ᠠ᠎ᠶᠢᠨ ᠲᠠᠶ᠋ᠢᠯᠤᠮᠵᠢ
ᠭᠤᠷᠪᠠᠨ ᠶᠡᠭᠡ ᠠᠮᠤ ᠪᠤᠳᠠᠭ᠋ᠠᠨ᠎ᠤ ᠲᠠᠷᠢᠮᠠᠯ᠎ᠤᠨ ᠲᠠᠷᠢᠶᠠᠯᠠᠩ᠎ᠤᠨ ᠳᠠᠭ᠋ᠠᠳᠬᠠᠯ᠎ᠤᠨ ᠲᠥᠷᠥ ᠵᠢᠨ ᠪᠣᠳᠣᠯᠭ᠎ᠠ ᠵᠢᠨ ᠬᠡᠪᠴᠢᠶ᠎ᠡ ᠵᠢ ᠥᠷᠭᠡᠳᠬᠡᠨ ᠪᠠᠷᠢᠮᠵᠢᠶ᠎ᠠ ᠵᠢ ᠳᠡᠭᠡᠭᠰᠢᠯᠡᠭᠦᠯᠬᠦ ᠲᠤᠬᠠᠢ ᠲᠠᠶ᠋ᠢᠯᠤᠮᠵᠢ
ᠨᠡᠶ᠋ᠢᠲᠡᠯᠡᠭᠰᠡᠨ ᠴᠠᠭ᠄ 2021-07-12


   《ᠲᠠᠷᠢᠶᠠᠴᠢᠳ ᠠᠮᠤ ᠪᠤᠳᠠᠭ᠎ᠠ ᠳᠠᠷᠢᠵᠤ᠂ ᠳᠠᠭ᠋ᠠᠳᠬᠠᠯ ᠵᠶ᠋ᠠᠷ ᠠᠶᠠᠯᠠᠯ ᠵᠶ᠋ᠠᠨ ᠬᠠᠮᠠᠭ᠋ᠠᠯᠠᠨ᠎ᠠ》᠂ ᠭᠠᠶ ᠭᠠᠮᠰᠢᠭ᠎ᠤᠨ ᠡᠮᠦᠨ᠎ᠡ᠂ ᠲᠠᠷᠢᠶᠠᠯᠠᠩ᠎ᠤᠨ ᠳᠠᠭ᠋ᠠᠳᠬᠠᠯ ᠪᠣᠯ ᠳᠠᠷᠤᠶ ᠲᠠᠷᠢᠶᠠᠴᠢᠳ᠎ᠤᠨ 《ᠰᠡᠳᠬᠢᠯ᠎ᠢ ᠠᠮᠤᠷᠵᠢᠭᠤᠯᠬᠤ ᠡᠮ》 ᠮᠥᠨ᠃ ᠲᠦᠷᠦᠭᠦᠬᠡᠨ ᠬᠤᠷᠠᠯᠳᠤᠭᠰᠠᠨ ᠲᠥᠷᠥ ᠵᠢᠨ ᠶᠠᠪᠤᠳᠠᠯ᠎ᠤᠨ ᠬᠤᠷᠢᠶᠠᠨ᠎ᠤ ᠪᠠᠶ᠋ᠢᠩᠭᠤ ᠵᠢᠨ ᠬᠤᠷᠠᠯ᠎ᠠᠴᠠ ᠭᠤᠷᠪᠠᠨ ᠶᠡᠭᠡ ᠠᠮᠤ ᠪᠤᠳᠠᠭ᠋ᠠᠨ᠎ᠤ ᠲᠠᠷᠢᠮᠠᠯ᠎ᠤᠨ ᠪᠦᠷᠢᠨ ᠥᠪᠡᠷ᠎ᠤᠨ ᠥᠷᠲᠡᠭ᠎ᠤᠨ ᠳᠠᠭ᠋ᠠᠳᠬᠠᠯ ᠪᠠ ᠲᠠᠷᠢᠮᠠᠯ᠎ᠤᠨ ᠣᠷᠣᠯᠭ᠎ᠠ ᠵᠢᠨ ᠳᠠᠭ᠋ᠠᠳᠬᠠᠯ᠎ᠤᠨ ᠬᠡᠷᠡᠭᠵᠢᠭᠦᠯᠬᠦ ᠬᠦᠷᠢᠶ᠎ᠡ ᠬᠡᠪᠴᠢᠶ᠎ᠡ ᠵᠢ ᠥᠷᠭᠡᠳᠬᠡᠬᠦ ᠲᠥᠷᠥ ᠵᠢᠨ ᠪᠣᠳᠣᠯᠭ᠎ᠠ ᠵᠢ ᠬᠢᠨᠠᠨ ᠪᠠᠲᠤᠯᠠᠵᠤ᠂ ᠡᠳ᠋᠎ᠤᠨ ᠵᠠᠰᠠᠭ᠎ᠤᠨ ᠶᠠᠮᠤᠨ ᠬᠤᠯᠪᠣᠭᠳᠠᠯ ᠪᠦᠬᠦᠢ ᠰᠠᠯᠠᠭ᠎ᠠ ᠮᠥᠴᠢᠷ ᠪᠣᠯᠤᠨ ᠨᠢᠭᠡᠴᠡ᠎ᠲᠠᠢ ᠬᠠᠮᠲᠤᠷᠠᠨ ᠣᠶ᠋ᠢᠷ᠎ᠠ᠎ᠳᠤ 《ᠭᠤᠷᠪᠠᠨ ᠶᠡᠭᠡ ᠠᠮᠤ ᠪᠤᠳᠠᠭ᠋ᠠᠨ᠎ᠤ ᠲᠠᠷᠢᠮᠠᠯ᠎ᠤᠨ ᠪᠦᠷᠢᠨ ᠥᠪᠡᠷ᠎ᠤᠨ ᠥᠷᠲᠡᠭ᠎ᠤᠨ ᠳᠠᠭ᠋ᠠᠳᠬᠠᠯ ᠪᠠ ᠲᠠᠷᠢᠮᠠᠯ᠎ᠤᠨ ᠣᠷᠣᠯᠭ᠎ᠠ ᠵᠢᠨ ᠳᠠᠭ᠋ᠠᠳᠬᠠᠯ᠎ᠤᠨ ᠬᠡᠷᠡᠭᠵᠢᠭᠦᠯᠬᠦ ᠬᠦᠷᠢᠶ᠎ᠡ ᠬᠡᠪᠴᠢᠶ᠎ᠡ ᠵᠢ ᠥᠷᠭᠡᠳᠬᠡᠬᠦ ᠲᠤᠬᠠᠶ ᠮᠡᠳᠡᠭᠳᠡᠯ》᠎ᠢ ᠳᠠᠷᠤᠮᠠᠯᠯᠠᠨ ᠲᠠᠷᠬᠠᠭ᠋ᠠᠪᠠ᠃ ᠾᠧᠪᠧᠢ᠂ ᠥᠪᠥᠷ ᠮᠣᠩᠭᠤᠯ᠂ ᠯᠢᠶᠣᠤᠨᠢᠩ᠂ ᠭᠢᠷᠢᠨ᠂ ᠬᠠᠷᠠᠮᠥ᠋ᠷᠡᠨ᠂ ᠵᠢᠶᠠᠩᠰᠦ᠂ ᠠᠨᠾᠦ᠋ᠢ᠂ ᠵᠢᠶᠠᠩᠰᠢ᠂ ᠱᠠᠨᠳᠦ᠋ᠩ᠂ ᠾᠧᠨᠠᠨ᠂ ᠬᠤᠪᠸᠢ᠂ ᠬᠤᠨᠠᠨ᠂ ᠰᠧᠴᠤᠸᠠᠨ ᠵᠡᠷᠭᠡ ᠠᠮᠤ ᠪᠤᠳᠠᠭ᠋ᠠᠨ᠎ᠤ ᠭᠤᠤᠯ ᠭᠠᠷᠤᠯᠲᠠ ᠵᠢᠨ 13 ᠮᠤᠵᠢ ᠵᠢᠨ ᠠᠮᠤ ᠪᠤᠳᠠᠭ᠋ᠠᠨ᠎ᠤ ᠭᠠᠷᠤᠯᠲᠠ ᠵᠢᠨ ᠲᠣᠮᠣ ᠰᠢᠶᠠᠨ᠎ᠳᠤ ᠲᠤᠲᠤᠷᠭ᠎ᠠ᠂ ᠪᠤᠭᠤᠳᠠᠶ᠂ ᠡᠷᠳᠡᠨᠢ ᠰᠢᠰᠢ ᠵᠡᠷᠭᠡ ᠭᠤᠷᠪᠠᠨ ᠶᠡᠭᠡ ᠠᠮᠤ ᠪᠤᠳᠠᠭ᠋ᠠᠨ᠎ᠤ ᠲᠠᠷᠢᠮᠠᠯ᠎ᠳᠤ ᠴᠢᠭᠯᠡᠭᠦᠯᠦᠨ᠂ ᠪᠦᠷᠢᠨ ᠥᠪᠡᠷ᠎ᠤᠨ ᠥᠷᠲᠡᠭ᠎ᠤᠨ ᠳᠠᠭ᠋ᠠᠳᠬᠠᠯ ᠪᠠ ᠲᠠᠷᠢᠮᠠᠯ᠎ᠤᠨ ᠣᠷᠣᠯᠭ᠎ᠠ ᠵᠢᠨ ᠳᠠᠭ᠋ᠠᠳᠬᠠᠯ᠎ᠢ ᠥᠷᠨᠢᠭᠦᠯᠵᠦ᠂ ᠲᠥᠪ ᠪᠠ ᠣᠷᠣᠨ ᠨᠤᠲᠤᠭ᠎ᠤᠨ ᠡᠳ᠋᠎ᠤᠨ ᠵᠠᠰᠠᠭ᠎ᠠᠴᠠ ᠳᠠᠭ᠋ᠠᠳᠬᠠᠭᠤᠯᠤᠭᠰᠠᠨ ᠲᠠᠷᠢᠶᠠᠴᠢᠨ ᠡᠷᠦᠬᠡ᠎ᠳᠤ ᠳᠠᠭ᠋ᠠᠳᠬᠠᠯ᠎ᠤᠨ ᠵᠠᠷᠤᠳᠠᠯ᠎ᠤᠨ ᠨᠥᠬᠦᠪᠥᠷᠢ ᠥᠭᠭᠦᠨ᠎ᠡ ᠭᠡᠵᠦ ᠲᠣᠳᠣᠷᠬᠠᠶ ᠲᠣᠭᠲᠠᠭ᠋ᠠᠵᠠᠶ᠃

     7 ᠰᠠᠷ᠎ᠠ ᠵᠢᠨ 6᠎ᠤ ᠡᠳᠦᠷ᠎ᠤᠨ ᠲᠥᠷᠥ ᠵᠢᠨ ᠶᠠᠪᠤᠳᠠᠯ᠎ᠤᠨ ᠬᠤᠷᠢᠶᠠᠨ᠎ᠤ ᠰᠣᠨᠢᠨ ᠮᠡᠳᠡᠭᠡᠨ᠎ᠤ ᠠᠯᠪᠠᠨ ᠬᠡᠷ᠎ᠤᠨ ᠬᠤᠷᠠᠯᠳᠤᠭᠤᠯᠤᠭᠰᠠᠨ ᠲᠥᠷᠥ ᠵᠢᠨ ᠶᠠᠪᠤᠳᠠᠯ᠎ᠤᠨ ᠬᠤᠷᠢᠶᠠᠨ᠎ᠤ ᠲᠥᠷᠥ ᠵᠢᠨ ᠪᠣᠳᠣᠯᠭ᠎ᠠ ᠵᠢᠨ ᠲᠣᠭᠲᠠᠮᠠᠯ ᠬᠤᠭᠤᠴᠠᠭ᠋ᠠᠲᠤ ᠰᠣᠨᠢᠨ ᠮᠡᠳᠡᠭᠡ ᠨᠡᠶ᠋ᠢᠲᠡᠯᠡᠬᠦ ᠬᠤᠷᠠᠯ ᠳᠡᠭᠡᠷ᠎ᠡ᠂ ᠡᠳ᠋᠎ᠤᠨ ᠵᠠᠰᠠᠭ᠎ᠤᠨ ᠶᠠᠮᠤᠨ᠎ᠤ ᠳᠡᠳ᠋ ᠰᠠᠶ᠋ᠢᠳ ᠽᠸᠦ ᠵᠢᠶᠠ ᠢ ᠲᠠᠨᠢᠯᠴᠠᠭᠤᠯᠬᠤ᠎ᠳᠠᠭᠠᠨ᠂ ᠡᠨᠡ ᠵᠢᠯ᠎ᠤᠨ ᠲᠥᠷᠥ ᠵᠢᠨ ᠪᠣᠳᠣᠯᠭ᠎ᠠ ᠵᠢ ᠡᠩ ᠲᠡᠷᠢᠭᠦᠨ᠎ᠳᠤ ᠠᠮᠤ ᠪᠤᠳᠠᠭ᠋ᠠᠨ᠎ᠤ ᠭᠤᠤᠯ ᠭᠠᠷᠤᠯᠲᠠ ᠵᠢᠨ ᠮᠤᠵᠢ ᠣᠷᠣᠨ᠎ᠤ ᠪᠠᠷᠤᠭ 60% ᠵᠢᠨ ᠠᠮᠤ ᠪᠤᠳᠠᠭ᠋ᠠᠨ᠎ᠤ ᠭᠠᠷᠤᠯᠲᠠ ᠶᠡᠬᠡᠲᠡᠶ ᠰᠢᠶᠠᠨ (500)᠎ᠢ ᠬᠠᠮᠤᠷᠴᠤ᠂ ᠢᠷᠡᠬᠦ ᠵᠢᠯ ᠪᠣᠯᠬᠤ᠎ᠳᠤ ᠬᠡᠷᠡᠭᠵᠢᠭᠦᠯᠬᠦ ᠬᠡᠪᠴᠢᠶ᠎ᠡ᠎ᠪᠠᠨ ᠤᠯᠠᠮ ᠨᠢᠭᠡ ᠠᠯᠬᠤᠮ ᠥᠷᠭᠡᠳᠬᠡᠵᠦ᠂ ᠠᠮᠤ ᠪᠤᠳᠠᠭ᠋ᠠᠨ᠎ᠤ ᠭᠤᠤᠯ ᠭᠠᠷᠤᠯᠲᠠ ᠵᠢᠨ 13 ᠮᠤᠵᠢ ᠣᠷᠣᠨ᠎ᠤ ᠳᠣᠲᠣᠷᠠᠬᠢ ᠠᠮᠤ ᠪᠤᠳᠠᠭ᠋ᠠᠨ᠎ᠤ ᠭᠠᠷᠤᠯᠲᠠ ᠶᠡᠬᠡᠲᠡᠶ ᠰᠢᠶᠠᠨ ᠪᠦᠬᠦᠨ᠎ᠢ ᠬᠠᠮᠤᠷᠴᠤ᠂ ᠪᠣᠶ ᠪᠥᠬᠦᠶ ᠲᠠᠷᠢᠶᠠᠴᠢᠨ ᠡᠷᠦᠬᠡ ᠴᠥᠮ ᠳᠠᠭ᠋ᠠᠳᠬᠠᠯ᠎ᠳᠤ ᠣᠷᠣᠵᠤ ᠪᠣᠯᠤᠨ᠎ᠠ ᠭᠡᠵᠡᠶ᠃ ᠡᠭᠦᠨ᠎ᠳᠤ᠂ ᠪᠦᠷᠢᠨ ᠥᠪᠡᠷ᠎ᠤᠨ ᠥᠷᠲᠡᠭ᠎ᠤᠨ ᠳᠠᠭ᠋ᠠᠳᠬᠠᠯ᠎ᠨᠢ ᠲᠠᠷᠢᠶᠠᠯᠠᠩ᠎ᠤᠨ ᠦᠢ᠍ᠯᠡᠳᠪᠦᠷᠢᠯᠡᠯ᠎ᠢ ᠬᠠᠮᠤᠷᠤᠭᠰᠠᠨ ᠶᠡᠷᠦᠩᠬᠡᠶ ᠥᠪᠡᠷ᠎ᠤᠨ ᠥᠷᠲᠡᠭ ᠪᠣᠯᠤᠨ᠎ᠠ᠂ ᠡᠭᠦᠨ᠎ᠳᠤ ᠰᠢᠭᠤᠳ ᠪᠣᠳᠠᠰᠵᠢᠭᠰᠠᠨ ᠥᠪᠡᠷ᠎ᠤᠨ ᠥᠷᠲᠡᠭ᠂ ᠭᠠᠵᠠᠷ ᠰᠢᠷᠣᠶ ᠪᠠ ᠬᠥᠮᠦᠨ᠎ᠤ ᠬᠦᠴᠦᠨ᠎ᠤ ᠥᠪᠡᠷ᠎ᠤᠨ ᠥᠷᠲᠡᠭ᠎ᠢ ᠪᠠᠭᠲᠠᠭ᠋ᠠᠵᠤ᠂ ᠭᠤᠤᠯ ᠪᠣᠯᠬᠤ ᠪᠠᠶ᠋ᠢᠭ᠋ᠠᠯᠢ ᠵᠢᠨ ᠭᠠᠮᠰᠢᠭ᠂ ᠬᠦᠨᠳᠦ ᠶᠡᠭᠡ ᠡᠪᠡᠳᠴᠢᠨ ᠬᠤᠷᠣᠬᠠᠶ ᠵᠢᠨ ᠭᠠᠮᠰᠢᠭ ᠵᠡᠷᠭᠡ᠎ᠠᠴᠠ ᠪᠣᠯᠤᠭᠰᠠᠨ ᠬᠤᠬᠢᠷᠠᠯ᠎ᠢ ᠨᠥᠬᠦᠪᠥᠷᠢᠯᠡᠨ᠎ᠡ᠂ ᠥᠭᠡᠷ᠎ᠡ᠎ᠪᠠᠷ ᠬᠡᠯᠡᠪᠡᠯ᠂ ᠪᠠᠶ᠋ᠢᠭ᠋ᠠᠯᠢ ᠵᠢᠨ ᠭᠠᠮᠰᠢᠭ᠂ ᠡᠪᠡᠳᠴᠢᠨ ᠬᠤᠷᠣᠬᠠᠶ ᠵᠢᠨ ᠭᠠᠮᠰᠢᠭ ᠵᠡᠷᠭᠡ ᠣᠨᠴᠠᠭ᠋ᠠᠶ ᠪᠠᠶ᠋ᠢᠳᠠᠯ ᠭᠠᠷᠪᠠᠯ᠂ ᠥᠷᠭᠡᠨ ᠣᠯᠠᠨ ᠲᠠᠷᠢᠶᠠᠴᠢᠨ ᠡᠷᠦᠬᠡ᠎ᠪᠠᠷ ᠨᠠᠭ᠋ᠠᠳᠤ ᠵᠠᠬ᠎ᠠ᠎ᠳᠠᠭᠠᠨ ᠥᠪᠡᠷ᠎ᠤᠨ ᠥᠷᠲᠡᠭ᠎ᠢ᠎ᠨᠢ ᠪᠤᠴᠠᠭ᠋ᠠᠨ ᠠᠪᠴᠢᠷᠠᠭᠤᠯᠤᠨ᠎ᠠ᠃

     《ᠬᠤᠶᠠᠷ ᠵᠦᠢ᠍ᠯ᠎ᠤᠨ ᠳᠠᠭ᠋ᠠᠳᠬᠠᠯ᠎ᠤᠨ ᠪᠠᠲᠤᠯᠠᠭ᠎ᠠ ᠵᠢᠨ ᠬᠢᠷᠢ ᠬᠡᠮᠵᠢᠶ᠎ᠡ᠎ᠨᠢ ᠬᠠᠮᠤᠭ᠎ᠤᠨ ᠥᠨᠳᠥᠷ᠎ᠲᠡᠭᠡᠨ ᠴᠥᠮ ᠵᠣᠬᠢᠴᠠᠩᠭᠤᠶ ᠡᠭᠦᠯᠳᠡᠷ᠎ᠤᠨ ᠲᠠᠷᠢᠮᠠᠯ᠎ᠤᠨ ᠣᠷᠣᠯᠭ᠎ᠠ ᠵᠢᠨ 80%᠎ᠳᠤ ᠬᠦᠷᠴᠦ ᠪᠣᠯᠤᠨ᠎ᠠ᠃ ᠲᠥᠪ᠎ᠤᠨ ᠪᠠ ᠣᠷᠣᠨ ᠨᠤᠲᠤᠭ᠎ᠤᠨ ᠡᠳ᠋᠎ᠤᠨ ᠵᠠᠰᠠᠭ᠎ᠠᠴᠠ ᠳᠠᠭ᠋ᠠᠳᠬᠠᠭᠤᠯᠤᠭᠰᠠᠨ ᠲᠠᠷᠢᠶᠠᠴᠢᠨ ᠡᠷᠦᠬᠡ᠎ᠳᠤ ᠳᠠᠭ᠋ᠠᠳᠬᠠᠯ᠎ᠤᠨ ᠵᠠᠷᠤᠳᠠᠯ᠎ᠤᠨ ᠨᠥᠬᠦᠪᠥᠷᠢ ᠥᠭᠬᠦ ᠵᠢ ᠬᠡᠷᠡᠭᠵᠢᠭᠦᠯᠬᠦ᠎ᠳᠤ᠂ ᠮᠤᠵᠢ ᠵᠢᠨ ᠱᠠᠲᠤᠨ᠎ᠤ ᠡᠳ᠋᠎ᠤᠨ ᠵᠠᠰᠠᠭ᠎ᠤᠨ ᠨᠥᠬᠦᠪᠥᠷᠢ 25%᠎ᠠᠴᠠ ᠳᠣᠣᠷ᠎ᠠ ᠦᠭᠡᠢ ᠪᠠᠶ᠋ᠢᠬᠤ ᠰᠠᠭᠤᠷᠢᠨ ᠳᠡᠭᠡᠷ᠎ᠡ᠂ ᠲᠥᠪ᠎ᠤᠨ ᠡᠳ᠋᠎ᠤᠨ ᠵᠠᠰᠠᠭ᠎ᠠᠴᠠ ᠳᠤᠮᠳᠠ ᠬᠡᠰᠡᠭ ᠪᠠᠷᠠᠭᠤᠨ ᠬᠡᠰᠡᠭ ᠵᠢᠴᠢ ᠵᠡᠭᠦᠨ ᠬᠤᠶ᠋ᠢᠲᠤ ᠣᠷᠣᠨ᠎ᠳᠤ 45% ᠵᠢᠨ ᠨᠥᠬᠦᠪᠥᠷᠢ ᠥᠭᠴᠦ᠂ ᠵᠡᠭᠦᠨ ᠬᠡᠰᠡᠭ᠎ᠤᠨ ᠭᠠᠵᠠᠷ ᠣᠷᠣᠨ᠎ᠳᠤ 35% ᠵᠢᠨ ᠨᠥᠬᠦᠪᠥᠷᠢ ᠥᠭᠭᠦᠨ᠎ᠡ᠃ ᠡᠭᠦᠨ᠎ᠤ ᠬᠠᠮᠲᠤ ᠳᠠᠭ᠋ᠠᠳᠬᠠᠯ᠎ᠤᠨ ᠪᠠᠶ᠋ᠢᠭᠤᠯᠤᠮᠵᠢ ᠵᠢ ᠪᠡᠯᠡ᠎ᠪᠠᠨ ᠪᠠᠲᠤᠯᠠᠵᠤ ᠥᠴᠦᠬᠡᠨ ᠠᠰᠢᠭ ᠤᠯᠬᠤ ᠵᠠᠷᠴᠢᠮ ᠵᠶ᠋ᠠᠷ ᠳᠠᠭ᠋ᠠᠳᠬᠠᠯ᠎ᠤᠨ ᠵᠠᠷᠤᠳᠠᠯ᠎ᠤᠨ ᠨᠣᠷᠮ᠎ᠠ ᠵᠢ ᠴᠡᠭᠴᠡᠯᠡᠨ ᠲᠣᠭᠲᠠᠭ᠋ᠠᠵᠤ᠂ ᠡᠵᠡᠩᠨᠡᠯᠲᠡ ᠵᠢᠨ ᠥᠪᠡᠷ᠎ᠤᠨ ᠥᠷᠲᠡᠭ᠎ᠢ ᠲᠤᠰᠬᠠᠭᠰᠠᠨ ᠶᠡᠷᠦᠩᠬᠡᠶ᠋ᠢᠯᠡᠭᠰᠡᠨ ᠵᠠᠷᠤᠳᠠᠯ᠎ᠤᠨ ᠨᠣᠷᠮ᠎ᠠ ᠵᠢ 20%᠎ᠠᠴᠠ ᠳᠡᠭᠡᠭᠰᠢ ᠪᠠᠶ᠋ᠢᠯᠭ᠋ᠠᠬᠤ ᠥᠬᠡᠶ ᠪᠠᠶ᠋ᠢᠬᠤ ᠵᠢ ᠱᠠᠭ᠋ᠠᠷᠳᠠᠪᠠ᠃ ᠶᠡᠷᠦᠩᠬᠡᠶ ᠵᠠᠷᠤᠳᠠᠯ᠎ᠤᠨ ᠨᠣᠷᠮ᠎ᠠ ᠵᠢ 20%᠎ᠠᠴᠠ ᠥᠨᠳᠥᠷ ᠪᠠᠶ᠋ᠢᠯᠭ᠋ᠠᠬᠤ ᠦᠭᠡᠶ ᠭᠡᠳᠡᠭ᠎ᠨᠢ ᠪᠦᠬᠦ ᠳᠠᠭ᠋ᠠᠳᠬᠠᠯ᠎ᠤᠨ ᠵᠠᠷᠤᠳᠠᠯ᠎ᠤᠨ ᠳᠣᠲᠣᠷ᠎ᠠ ᠳᠠᠭ᠋ᠠᠳᠬᠠᠯ᠎ᠤᠨ ᠺᠣᠮᠫᠠᠨᠢ ᠵᠢᠨ ᠥᠪᠡᠷ᠎ᠤᠨ ᠥᠷᠲᠡᠭ᠎ᠢ ᠬᠠᠮᠤᠷᠤᠭᠰᠠᠨ ᠡᠨᠡ ᠬᠡᠰᠡᠭ᠎ᠨᠢ ᠪᠦᠬᠦ ᠳᠠᠭ᠋ᠠᠳᠬᠠᠯ᠎ᠤᠨ ᠵᠠᠷᠤᠳᠠᠯ᠎ᠤᠨ 20%᠎ᠠᠴᠠ ᠥᠨᠳᠥᠷ ᠪᠠᠶ᠋ᠢᠯᠭ᠋ᠠᠬᠤ ᠦᠭᠡᠶ ᠭᠡᠰᠡᠨ ᠤᠳᠬ᠎ᠠ᠎ᠲᠠᠢ ᠶᠤᠮ》 ᠭᠡᠵᠦ ᠽᠸᠦ ᠵᠢᠶᠠ ᠢ ᠤᠯᠠᠮ ᠨᠢᠭᠡ ᠠᠯᠬᠤᠮ ᠲᠠᠶ᠋ᠢᠯᠪᠤᠷᠢᠯᠠᠵᠠᠶ᠃

      ᠲᠦᠷᠦ ᠵᠢᠨ ᠪᠤᠳᠦᠯᠭ᠎ᠠ ᠵᠢᠨ ᠦᠷ᠎ᠡ ᠪᠦᠲᠦᠮᠵᠢ ᠵᠢᠨ ᠰᠡᠶ᠋ᠢᠠ ᠡᠰᠡᠬᠦ ᠵᠢ ᠦᠵᠡᠬᠦ᠎ᠳᠤ ᠲᠦᠷᠦ ᠵᠢᠨ ᠪᠤᠳᠦᠯᠭ᠎ᠠ ᠵᠢᠨ ᠲᠤᠰ ᠪᠡᠶ᠎ᠡ ᠵᠢᠨ ᠬᠢᠨᠢ ᠠᠭᠤᠯᠭ᠎ᠠ ᠵᠢ ᠦᠵᠡᠬᠦ᠎ᠠᠴᠠ ᠭᠠᠳᠠᠨ᠎ᠠ ᠪᠠᠰᠠ ᠬᠡᠷᠡᠭᠵᠢᠭᠦᠯᠬᠦ ᠬᠡᠷᠬᠢᠨ ᠲᠥᠯᠥᠪᠦᠷᠢ ᠵᠢᠨ ᠶᠠᠪᠤᠴᠠ ᠵᠢᠨ ᠨᠡᠩ ᠤᠷᠤᠭᠰᠢᠲᠠᠶ ᠶᠠᠪᠤᠭᠳᠠᠬᠤ ᠵᠢ ᠪᠠᠲᠤᠯᠠᠵᠤ᠂ ᠲᠠᠷᠢᠶᠠᠯᠠᠩ᠎ᠤᠨ ᠳᠠᠭ᠋ᠠᠳᠬᠠᠯ᠎ᠤᠨ ᠬᠡᠷᠡᠭᠵᠢᠭᠦᠯᠦᠯᠲᠡ ᠵᠢᠨ ᠨᠡᠩ ᠤᠷᠤᠭᠰᠢᠲᠠᠶ ᠶᠠᠪᠤᠭᠳᠠᠬᠤ ᠵᠢ ᠪᠠᠲᠤᠯᠠᠬᠤ ᠪᠤᠶ? ᠡᠳ᠋᠎ᠤᠨ ᠵᠠᠰᠠᠭ᠎ᠤᠨ ᠶᠠᠮᠤᠨ᠎ᠤ ᠮᠥᠩᠭᠦᠨ ᠭᠦᠢ᠍ᠯᠭᠡᠭᠡᠨ᠎ᠤ ᠵᠤᠷᠭ᠋ᠠᠨ᠎ᠤ ᠳᠠᠷᠤᠭ᠎ᠠ ᠸᠠᠩ ᠺᠧ ᠪᠢᠩ᠂ ᠡᠳ᠋᠎ᠤᠨ ᠵᠠᠰᠠᠭ᠎ᠤᠨ ᠶᠠᠮᠤᠨ ᠲᠦᠷᠦ ᠵᠢᠨ ᠶᠠᠪᠤᠳᠠᠯ᠎ᠤᠨ ᠬᠤᠷᠢᠶᠠᠨ᠎ᠤ ᠱᠠᠭ᠋ᠠᠷᠳᠠᠯᠭ᠎ᠠ ᠶᠣᠰᠣᠭ᠋ᠠᠷ ᠲᠦᠷᠦᠭᠦᠯᠡᠨ ᠬᠠᠷᠢᠭᠤᠴᠠᠬᠤ ᠬᠠᠷᠢᠭᠤᠴᠠᠯᠭ᠎ᠠ ᠵᠢ ᠬᠡᠷᠡᠭᠵᠢᠭᠦᠯᠵᠦ᠂ ᠶᠠᠮᠤᠨ᠎ᠤ ᠬᠤᠭᠤᠷᠣᠨᠳᠣᠬᠢ ᠬᠥᠨᠳᠡᠯᠡᠨ ᠵᠶ᠋ᠠᠷ ᠬᠠᠮᠵᠢᠯᠴᠠᠬᠤ᠂ ᠣᠷᠣᠨ ᠨᠤᠲᠤᠭ᠎ᠤᠨ ᠭᠤᠯᠳᠤ ᠴᠢᠭᠯᠡᠯ ᠵᠶ᠋ᠠᠷ ᠠᠬᠢᠭᠤᠯᠬᠤ ᠠᠵᠢᠯ᠎ᠤᠨ ᠲᠣᠭᠲᠠᠴᠠ ᠵᠢ ᠪᠠᠶ᠋ᠢᠭᠤᠯᠵᠤ᠂ ᠡᠯ᠎ᠡ ᠲᠠᠯ᠎ᠠ ᠵᠢᠨ ᠬᠠᠮᠲᠤᠷᠠᠯ᠎ᠤᠨ ᠬᠦᠴᠦᠨ᠎ᠢ ᠨᠢᠭᠲᠠᠷᠠᠭᠤᠯᠵᠤ᠂ ᠲᠠᠷᠢᠶᠠᠯᠠᠩ᠎ᠤᠨ ᠳᠠᠭ᠋ᠠᠳᠬᠠᠯ᠎ᠤᠨ ᠠᠵᠢᠯ᠎ᠢ ᠬᠠᠮᠵᠢᠯᠴᠠᠨ ᠠᠬᠢᠭᠤᠯᠵᠠᠢ᠃ ᠲᠤᠭ᠎ᠠ ᠪᠠᠷᠢᠮᠲᠠ ᠵᠢᠨ ᠮᠡᠳᠡᠭᠡ ᠵᠠᠩᠭᠢ ᠵᠢ ᠤᠯᠬᠤ᠂ ᠳᠠᠭ᠋ᠠᠳᠬᠠᠯ ᠬᠦᠯᠢᠶᠡᠬᠦ ᠪᠠᠶ᠋ᠢᠭᠤᠯᠤᠮᠵᠢ ᠵᠢ ᠰᠢᠯᠢᠨ ᠰᠣᠩᠭᠤᠬᠤ ᠵᠢᠴᠢ ᠠᠵᠢᠯ᠎ᠤᠨ ᠠᠮᠵᠢᠯᠲᠠ ᠪᠦᠲᠦᠮᠵᠢ ᠵᠢ ᠦᠨᠡᠯᠡᠬᠦ ᠵᠡᠷᠭᠡ ᠲᠠᠯ᠎ᠠ᠎ᠪᠠᠷ ᠲᠦᠷᠢᠮ ᠲᠣᠭᠲᠠᠭ᠋ᠠᠯ ᠲᠣᠭᠲᠠᠭ᠋ᠠᠵᠤ᠂ ᠣᠷᠣᠨ ᠨᠤᠲᠤᠭ᠎ᠢ ᠰᠢᠮᠳᠠᠭᠤᠯᠵᠤ ᠪᠠᠶ᠋ᠢᠭ᠋ᠠᠳ ᠨᠠᠶ᠋ᠢᠳᠠᠪᠤᠷᠢᠵᠢᠭᠤᠯᠤᠯᠲᠠ ᠵᠢ ᠰᠠᠶ᠋ᠢᠲᠤᠷ ᠠᠳᠬᠤᠵᠤ᠂ ᠲᠠᠷᠢᠶᠠᠯᠠᠩ᠎ᠤᠨ ᠳᠠᠭ᠋ᠠᠳᠬᠠᠯ᠎ᠤᠨ ᠬᠡᠷᠡᠭᠵᠢᠭᠦᠯᠦᠯᠲᠡ᠎ᠳᠤ ᠲᠣᠭᠲᠠᠴᠠ ᠵᠢᠨ ᠪᠠᠲᠤᠯᠠᠭ᠎ᠠ ᠬᠠᠩᠭ᠋ᠠᠬᠤ ᠬᠡᠷᠡᠭᠲᠡᠶ᠃

      ᠡᠳ᠋᠎ᠤᠨ ᠵᠠᠰᠠᠭ᠎ᠤᠨ ᠳᠡᠮᠵᠢᠯᠭᠡ ᠪᠣᠯ ᠲᠠᠷᠢᠶᠠᠯᠠᠩ᠎ᠤᠨ ᠳᠠᠭ᠋ᠠᠳᠬᠠᠯ᠎ᠤᠨ ᠴᠢᠨᠠᠷ ᠰᠠᠶ᠋ᠢᠲᠠᠶ ᠬᠥᠭᠵᠢᠯᠲᠡ ᠵᠢ ᠲᠦᠷᠭᠡᠳᠬᠡᠬᠦ ᠵᠢᠨ ᠴᠢᠬᠤᠯᠠ ᠪᠠᠲᠤᠯᠠᠭ᠎ᠠ ᠮᠥᠨ᠃ ᠰᠤᠷᠪᠤᠯᠵᠢᠯᠠᠭᠴᠢ ᠵᠢᠨ ᠣᠶ᠋ᠢᠯᠠᠭ᠋ᠠᠭᠰᠠᠨ ᠵᠶ᠋ᠠᠷ᠂ 2007 ᠣᠨ᠎ᠳᠤ ᠲᠥᠪ᠎ᠤᠨ ᠡᠳ᠋᠎ᠤᠨ ᠵᠠᠰᠠᠭ᠎ᠠᠴᠠ ᠲᠠᠷᠢᠶᠠᠯᠠᠩ᠎ᠤᠨ ᠳᠠᠭ᠋ᠠᠳᠬᠠᠯ᠎ᠤᠨ ᠰᠦᠢ᠍ᠳᠬᠡᠯ᠎ᠳᠤ ᠨᠥᠬᠦᠪᠥᠷᠢ ᠥᠭᠬᠦ ᠲᠥᠷᠥ ᠵᠢᠨ ᠪᠣᠳᠣᠯᠭ᠎ᠠ ᠵᠢ ᠮᠠᠨ᠎ᠤ ᠤᠯᠤᠰ᠎ᠤᠨ ᠲᠠᠷᠢᠶᠠᠯᠠᠩ᠎ᠤᠨ ᠳᠠᠭ᠋ᠠᠳᠬᠠᠯ᠎ᠤᠨ ᠬᠡᠪᠴᠢᠶ᠎ᠡ ᠵᠢ ᠲᠠᠰᠤᠷᠠᠯᠲᠠ ᠥᠬᠡᠶ ᠥᠷᠭᠡᠳᠬᠡᠵᠦ᠂ ᠪᠦᠲᠦᠭᠡᠭᠳᠡᠬᠦᠨ᠎ᠢ ᠨᠡᠮᠡᠭᠳᠡᠭᠦᠯᠦᠨ᠂ ᠪᠠᠷᠢᠮᠵᠢᠶ᠎ᠠ ᠵᠢ ᠳᠡᠭᠡᠭᠰᠢᠯᠡᠭᠦᠯᠵᠦ᠂ ᠭᠤᠷᠪᠠᠨ ᠲᠣᠮᠣ ᠠᠮᠤ ᠪᠤᠳᠠᠭ᠋ᠠᠨ᠎ᠤ ᠲᠠᠷᠢᠮᠠᠯ᠂ ᠪᠠᠶ᠋ᠢᠭ᠋ᠠᠯᠢ ᠵᠢᠨ ᠭᠤᠮ᠂ ᠲᠣᠰᠣᠯᠢᠭ ᠲᠠᠷᠢᠮᠠᠯ ᠵᠡᠷᠭᠡ 16 ᠶᠡᠭᠡ ᠬᠡᠮᠵᠢᠶᠡᠨ᠎ᠤ ᠲᠠᠷᠢᠶᠠᠯᠠᠩ᠎ᠤᠨ ᠪᠦᠲᠦᠭᠡᠭᠳᠡᠬᠦᠨ ᠵᠢᠴᠢ 60 ᠭᠠᠷᠤᠶ ᠣᠷᠣᠨ ᠨᠤᠲᠤᠭ᠎ᠤᠨ ᠳᠠᠪᠠᠭᠤᠯᠢᠭ ᠤᠨᠴᠠᠯᠢᠭᠳᠤ ᠲᠠᠷᠢᠶᠠᠯᠠᠩ᠎ᠤᠨ ᠪᠦᠲᠦᠭᠡᠭᠳᠡᠬᠦᠨ᠎ᠢ ᠬᠠᠮᠤᠷᠴᠤ᠂ ᠤᠯᠤᠰ᠎ᠤᠨ ᠪᠠᠶ᠋ᠢᠳᠠᠯ᠎ᠳᠤ ᠨᠡᠶ᠋ᠢᠴᠡᠭᠰᠡᠨ ᠲᠠᠷᠢᠶᠠᠯᠠᠩ᠎ᠤᠨ ᠳᠠᠭ᠋ᠠᠳᠬᠠᠯ᠎ᠤᠨ 《ᠳᠥᠷᠪᠡᠨ ᠨᠢᠷᠤᠭᠤ ᠨᠠᠢ᠍ᠮᠠᠨ ᠲᠤᠯᠭ᠋ᠠᠭᠤᠷᠢ》 ᠵᠢ ᠠᠩᠬ᠎ᠠ ᠠᠯᠬᠤᠮ ᠪᠣᠶ ᠪᠣᠯᠭ᠋ᠠᠵᠤ᠂ 《ᠲᠥᠪ᠎ᠠᠴᠠ ᠶᠡᠭᠡ ᠬᠡᠮᠵᠢᠶᠡᠨ᠎ᠤ ᠳᠠᠭ᠋ᠠᠳᠬᠠᠯ᠎ᠢ ᠪᠠᠲᠤᠯᠠᠵᠤ᠂ ᠣᠷᠣᠨ ᠨᠤᠲᠤᠭ᠎ᠤᠨ ᠣᠨᠴᠠᠯᠢᠭ᠎ᠢ ᠪᠠᠲᠤᠯᠠᠬᠤ》 ᠨᠥᠬᠦᠪᠥᠷᠢ ᠵᠢᠨ ᠰᠢᠰᠲ᠋ᠧᠮ᠎ᠢ ᠪᠠᠶ᠋ᠢᠭᠤᠯᠵᠤ᠂ ᠴᠢᠨᠠᠷ ᠰᠠᠶ᠋ᠢᠲᠠᠶ ᠬᠥᠭᠵᠢᠯᠲᠡ ᠵᠢᠨ ᠰᠢᠨ᠎ᠡ ᠱᠠᠲᠤ ᠦᠶ᠎ᠡ ᠵᠢ ᠤᠭᠲᠤᠨ ᠠᠪᠴᠢᠷᠠᠭᠰᠠᠨ ᠪᠠᠶ᠋ᠢᠨ᠎ᠠ᠃ 2020 ᠣᠨ᠎ᠳᠤ᠂ ᠮᠠᠨ᠎ᠤ ᠤᠯᠤᠰ᠎ᠤᠨ ᠲᠠᠷᠢᠶᠠᠯᠠᠩ᠎ᠤᠨ ᠳᠠᠭ᠋ᠠᠳᠬᠠᠯ᠎ᠤᠨ ᠰᠦᠢ᠍ᠳᠬᠡᠯ᠎ᠤᠨ ᠬᠡᠪᠴᠢᠶ᠎ᠡ 815 ᠳ᠋ᠦᠩᠰᠢᠭᠤᠷ ᠲᠥᠭᠦᠷᠢᠭ᠎ᠲᠤ ᠬᠦᠷᠴᠦ᠂ ᠪᠦᠬᠦ ᠪᠥᠮᠪᠥᠷᠴᠡᠭ᠎ᠤᠨ ᠲᠠᠷᠢᠶᠠᠯᠠᠩ᠎ᠤᠨ ᠳᠠᠭ᠋ᠠᠳᠬᠠᠯ᠎ᠤᠨ ᠰᠦᠢ᠍ᠳᠬᠡᠯ᠎ᠤᠨ ᠬᠡᠪᠴᠢᠶ᠎ᠡ᠎ᠪᠠᠷ ᠬᠠᠮᠤᠭ᠎ᠤᠨ ᠶᠡᠭᠡ ᠤᠯᠤᠰ ᠪᠣᠯᠪᠠ᠃

ᠢᠷᠡᠯᠲᠡ᠄ ᠪᠠᠶᠠᠨᠨᠠᠭᠤᠷ ᠬᠤᠳᠠ ᠵᠢᠨ ᠠᠷᠠᠳ᠎ᠤᠨ ᠵᠠᠰᠠᠭ᠎ᠤᠨ ᠤᠷᠳᠦᠨ
          
ᠬᠠᠮᠢᠶ᠎ᠡ ᠪᠦᠬᠦᠢ ᠰᠣᠨᠢᠨ
《ᠲᠠᠷᠢᠶᠠᠨ ᠭᠠᠵᠠᠷ᠎ᠤᠨ ᠬᠠᠮᠠᠭ᠋ᠠᠯᠠᠯᠲᠠ ᠵᠢ ᠤᠯᠠᠮ ᠨᠢᠭᠡ ᠠᠯᠬᠤᠮ ᠴᠢᠩᠭ᠋ᠠᠳᠬᠠᠬᠤ ᠲᠤᠬᠠᠶ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠬᠡᠷᠡᠭᠵᠢᠭᠦᠯᠬᠦ ᠰᠠᠨᠠᠯ》᠎ᠤᠨ ᠲᠠᠶ᠋ᠢᠯᠤᠮᠵᠢ
《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠭᠤᠤᠯᠳᠠᠯᠭ᠎ᠠ᠎ᠲᠠᠢ ᠪᠣᠬᠢᠷᠲᠤᠯ ᠪᠤᠳᠠᠰ ᠭᠠᠳᠠᠭᠰᠢᠯᠠᠭᠤᠯᠬᠤ ᠨᠢᠭᠡᠴᠢ ᠵᠢᠨ ᠲᠤᠬᠠᠶ ᠵᠢᠨ ᠲᠠᠯᠠᠪᠤᠷ᠎ᠤᠨ ᠪᠤᠰᠤ ᠬᠢᠨᠠᠯᠲᠠ ᠬᠠᠮᠢᠶᠠᠷᠤᠯᠲᠠ ᠵᠢᠨ ᠠᠵᠢᠯ᠎ᠤᠨ ᠵᠢᠯᠣᠭᠤᠳᠤᠮᠵᠢ (ᠲᠤᠷᠰᠢᠨ ᠬᠡᠷᠡᠭᠵᠢᠭᠦᠯᠬᠦ)》 ᠵᠢᠨ ᠲᠠᠶ᠋ᠢᠯᠤᠮᠵᠢ
【ᠵᠢᠷᠤᠭᠲᠤ ᠲᠠᠢ᠌ᠯᠤᠮᠵᠢ】 ᠤᠯᠤᠰ᠎ᠤᠨ ᠣᠶ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ ᠲᠠᠪᠤᠨ ᠲᠠᠯ᠎ᠠ᠎ᠠᠴᠠ ᠤᠯᠤᠰ᠎ᠤᠨ ᠴᠡᠴᠡᠷᠯᠢᠭ᠎ᠤᠨ ᠪᠥᠲᠥᠭᠡᠨ ᠪᠠᠶ᠋ᠢᠭᠤᠯᠤᠯᠲᠠ ᠵᠢ ᠠᠬᠢᠭᠤᠯᠤᠨ᠎ᠠ
【ᠵᠢᠷᠤᠭᠲᠤ ᠲᠠᠢ᠌ᠯᠤᠮᠵᠢ】 ᠭᠤᠤᠯᠳᠠᠯᠭ᠋ᠠᠲᠤ ᠠᠮᠢ ᠠᠬᠤᠶ ᠵᠢ ᠬᠠᠮᠠᠭ᠋ᠠᠯᠠᠵᠤ ᠰᠡᠷᠭᠦᠭᠡᠨ ᠵᠠᠰᠠᠬᠤ ᠪᠡᠯᠡ ᠮᠥᠩᠭᠥ ᠵᠢᠨ ᠬᠠᠮᠢᠶᠠᠷᠤᠯᠲᠠ ᠵᠢᠨ ᠠᠷᠭ᠎ᠠ (ᠨᠢᠭᠡ)
【ᠵᠢᠷᠤᠭᠲᠤ ᠲᠠᠢ᠌ᠯᠤᠮᠵᠢ】 ᠭᠤᠤᠯᠳᠠᠯᠭ᠋ᠠᠲᠤ ᠠᠮᠢ ᠠᠬᠤᠶ ᠵᠢ ᠬᠠᠮᠠᠭ᠋ᠠᠯᠠᠵᠤ ᠰᠡᠷᠭᠦᠭᠡᠨ ᠵᠠᠰᠠᠬᠤ ᠪᠡᠯᠡ ᠮᠥᠩᠭᠥ ᠵᠢᠨ ᠬᠠᠮᠢᠶᠠᠷᠤᠯᠲᠠ ᠵᠢᠨ ᠠᠷᠭ᠎ᠠ (ᠬᠤᠶᠠᠷ)
 
             蒙ICP备05000248号