ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠢᠯᠡ ᠵᠠᠰᠠᠭ   -   ᠠᠯᠪᠠᠨ ᠮᠡᠳᠡᠭᠡ
1– 9 ᠳ᠋ᠦ᠍ᠭᠡᠷ ᠰᠠᠷ᠎ᠠ᠎ᠳᠤ ᠪᠥᠬᠦ ᠣᠷᠣᠨ᠎ᠤ 《ᠲᠠᠪᠤᠨ ᠶᠡᠭᠡ ᠡᠭᠦᠷᠭᠡ》 ᠵᠢ ᠪᠠᠲᠤᠯᠠᠬᠤ ᠵᠠᠷᠤᠯᠭ᠎ᠠ 1767 ᠳ᠋ᠦᠩᠰᠢᠭᠤᠷ ᠲᠥᠭᠦᠷᠢᠭ᠎ᠲᠤ ᠬᠦᠷᠴᠦ ᠡᠩ᠎ᠤᠨ ᠨᠡᠶ᠋ᠢᠲᠡ ᠵᠢᠨ ᠲᠥᠰᠥᠪ᠎ᠤᠨ ᠵᠠᠷᠤᠯᠭ᠎ᠠ ᠵᠢᠨ 38% ᠵᠢ ᠡᠵᠡᠯᠡᠪᠡ
ᠨᠡᠶ᠋ᠢᠲᠡᠯᠡᠭᠰᠡᠨ ᠴᠠᠭ᠄ 2023-10-18

      ᠥᠪᠡᠷᠲᠡᠭᠡᠨ ᠵᠠᠰᠠᠬᠤ ᠣᠷᠣᠨ᠎ᠤ ᠡᠳ᠋᠎ᠤᠨ ᠵᠠᠰᠠᠭ᠎ᠤᠨ ᠲᠢᠩᠬᠢᠮ᠎ᠤᠨ ᠮᠡᠳᠡᠭᠡ᠄ ᠡᠨᠡ ᠵᠢᠯ ᠡᠬᠢᠯᠡᠭᠰᠡᠨ᠎ᠠᠴᠠ ᠨᠠᠭ᠋ᠠᠰᠢ᠂ ᠥᠪᠥᠷ ᠮᠣᠩᠭᠤᠯ᠎ᠤᠨ ᠡᠯ᠎ᠡ ᠱᠠᠲᠤᠨ᠎ᠤ ᠡᠳ᠋᠎ᠤᠨ ᠵᠠᠰᠠᠭ᠎ᠤᠨ ᠨᠢᠭᠡᠳᠦᠯᠲᠡᠢ ᠲᠥᠯᠥᠪᠯᠡᠬᠦ ᠪᠡᠯᠡ ᠮᠥᠩᠭᠦ᠎ᠨᠢ ᠶᠡᠷᠦᠩᠬᠡᠢ ᠱᠦᠵᠢ ᠰᠢ ᠵᠢᠨ ᠫᠢᠩ᠎ᠤᠨ ᠥᠪᠥᠷ ᠮᠣᠩᠭᠤᠯ᠎ᠳᠤ ᠲᠤᠰᠢᠶᠠᠭᠰᠠᠨ 《ᠲᠠᠪᠤᠨ ᠶᠡᠭᠡ ᠡᠭᠦᠷᠭᠡ》᠎ᠳᠤ ᠠᠩᠬᠠᠷᠤᠯ ᠪᠠ ᠬᠦᠴᠦ᠎ᠪᠠᠨ ᠲᠥᠪᠯᠡᠷᠡᠭᠦᠯᠵᠦ᠂ ᠡᠳ᠋᠎ᠤᠨ ᠵᠠᠰᠠᠭ᠎ᠠᠴᠠ 《ᠲᠠᠪᠤᠨ ᠶᠡᠭᠡ ᠡᠭᠦᠷᠭᠡ》 ᠵᠢ ᠳᠡᠮᠵᠢᠬᠦ ᠪᠡᠯᠡ ᠮᠥᠩᠭᠦ ᠵᠢᠨ ᠣᠷᠣᠭᠤᠯᠤᠯᠲᠠ ᠵᠢᠨ ᠪᠠᠷᠢᠮᠵᠢᠶ᠎ᠠ᠎ᠪᠠᠷ ᠪᠦᠷᠢᠳᠬᠡᠪᠡᠯ᠂ 1 – 9 ᠳ᠋ᠦ᠍ᠭᠡᠷ ᠰᠠᠷ᠎ᠠ᠎ᠳᠤ ᠪᠥᠬᠦ ᠣᠷᠣᠨ᠎ᠤ 《ᠲᠠᠪᠤᠨ ᠶᠡᠭᠡ ᠡᠭᠦᠷᠭᠡ》 ᠵᠢ ᠪᠠᠲᠤᠯᠠᠬᠤ ᠵᠠᠷᠤᠯᠭ᠎ᠠ 1767 ᠳ᠋ᠦᠩᠰᠢᠭᠤᠷ ᠲᠥᠭᠦᠷᠢᠭ᠎ᠲᠤ ᠬᠦᠷᠴᠦ᠂ ᠡᠩ᠎ᠤᠨ ᠨᠡᠶ᠋ᠢᠲᠡ ᠵᠢᠨ ᠲᠥᠰᠥᠪ᠎ᠤᠨ ᠵᠠᠷᠤᠯᠭ᠎ᠠ ᠵᠢᠨ 38% ᠵᠢ ᠡᠵᠡᠯᠡᠪᠡ᠃ ᠡᠨᠡ ᠵᠢᠯ᠎ᠤᠨ 1 – 9 ᠳ᠋ᠦ᠍ᠭᠡᠷ ᠰᠠᠷ᠎ᠠ᠎ᠳᠤ᠂ ᠪᠥᠬᠦ ᠣᠷᠣᠨ᠎ᠤ ᠡᠩ᠎ᠤᠨ ᠨᠡᠶ᠋ᠢᠲᠡ ᠵᠢᠨ ᠲᠥᠰᠥᠪ᠎ᠤᠨ ᠵᠠᠷᠤᠯᠭ᠎ᠠ 4651.1 ᠳ᠋ᠦᠩᠰᠢᠭᠤᠷ ᠲᠥᠭᠦᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 288.3 ᠳ᠋ᠦᠩᠰᠢᠭᠤᠷ ᠲᠥᠭᠦᠷᠢᠭ ᠨᠡᠮᠡᠭᠳᠡᠨ᠂ 6.6%᠎ᠪᠠᠷ ᠨᠡᠮᠡᠭᠳᠡᠵᠦ᠂ 1 – 8 ᠳ᠋ᠤᠭ᠋ᠠᠷ ᠰᠠᠷ᠎ᠠ ᠵᠢᠨ ᠎ᠬᠢ᠎ᠠᠴᠠ 1.6 ᠵᠠᠭᠤᠨ᠎ᠤ ᠴᠡᠭ ᠳᠡᠭᠡᠭᠰᠢᠯᠡᠵᠡᠢ᠃ ᠡᠮᠦᠨ᠎ᠡ ᠭᠤᠷᠪᠠᠨ ᠤᠯᠠᠷᠢᠯ᠎ᠳᠤ᠂ ᠪᠥᠬᠦ ᠣᠷᠣᠨ᠎ᠤ ᠡᠯ᠎ᠡ ᠱᠠᠲᠤᠨ᠎ᠤ ᠡᠳ᠋᠎ᠤᠨ ᠵᠠᠰᠠᠭ᠎ᠤᠨ ᠰᠠᠯᠠᠭ᠎ᠠ ᠮᠥᠴᠢᠷ᠎ᠤᠳ ᠭᠤᠣᠯᠳᠠᠯᠭ᠎ᠠ᠎ᠲᠠᠢ ᠵᠠᠷᠤᠯᠭ᠎ᠠ ᠵᠢᠨ ᠪᠠᠲᠤᠯᠠᠭ᠎ᠠ ᠵᠢᠨ ᠡᠷᠴᠢᠮ ᠵᠶ᠋ᠠᠨ ᠦᠷᠭᠦᠯᠵᠢᠯᠡᠨ ᠴᠢᠩᠭ᠋ᠠᠷᠠᠭᠤᠯᠵᠤ᠂ 21 ᠵᠦᠢ᠍ᠯ᠎ᠤᠨ ᠭᠤᠣᠯ ᠪᠣᠯᠬᠤ ᠵᠠᠷᠤᠯᠭ᠎ᠠ ᠵᠢᠨ ᠲᠥᠷᠥᠯ᠎ᠤᠨ 19 ᠵᠦᠢ᠍ᠯ᠎ᠨᠢ ᠠᠳᠠᠯᠢ ᠬᠤᠭᠤᠴᠠᠭ᠋ᠠᠨ᠎ᠤ᠎ᠬᠢ᠎ᠠᠴᠠ ᠨᠡᠮᠡᠭᠳᠡᠯ ᠵᠶ᠋ᠠᠨ ᠪᠠᠲᠤᠯᠠᠵᠤ᠂ ᠡᠩ᠎ᠤᠨ ᠨᠡᠶ᠋ᠢᠲᠡ ᠵᠢᠨ ᠲᠥᠰᠥᠪ᠎ᠤᠨ ᠵᠠᠷᠤᠯᠭ᠎ᠠ ᠵᠢᠨ ᠨᠡᠯᠢᠶᠡᠳ ᠲᠦᠷᠭᠡᠨ ᠨᠡᠮᠡᠭᠳᠡᠯ᠎ᠢ ᠳᠠᠶ᠋ᠢᠴᠢᠯᠠᠪᠠ᠃ ᠡᠭᠦᠨ᠎ᠳᠤ᠂ ᠰᠢᠨᠵᠢᠯᠡᠬᠦ ᠤᠬᠠᠭ᠋ᠠᠨ ᠮᠡᠷᠭᠡᠵᠢᠯ᠂ ᠬᠤᠳᠠᠯᠳᠤᠭ᠋ᠠᠨ᠎ᠤ ᠦᠢ᠍ᠯᠡᠴᠢᠯᠡᠭᠡᠨ᠎ᠤ ᠦᠢ᠍ᠯᠡᠰ᠂ ᠵᠠᠮ ᠬᠠᠷᠢᠯᠴᠠᠭ᠎ᠠ ᠲᠡᠭᠡᠭᠡᠪᠦᠷᠢ᠂ ᠡᠷᠡᠭᠦᠯ ᠬᠠᠮᠠᠭ᠋ᠠᠯᠠᠯ ᠡᠷᠡᠭᠦᠯ ᠮᠡᠨᠳᠦ᠂ ᠠᠮᠤ ᠲᠣᠰᠣ ᠡᠳ᠋ ᠪᠣᠳᠠᠰ᠎ᠤᠨ ᠨᠥᠭᠡᠴᠡ᠂ ᠡᠬᠢ ᠪᠠᠶᠠᠯᠢᠭ᠎ᠤᠨ ᠬᠠᠶ᠋ᠢᠨ ᠰᠢᠨᠵᠢᠯᠡᠯᠲᠡ ᠵᠢᠨ ᠮᠡᠳᠡᠭᠡᠯᠡᠯ᠂ ᠰᠣᠶᠣᠯ ᠵᠢᠭᠤᠯᠴᠢᠯᠠᠯ ᠪᠡᠶ᠎ᠡ ᠵᠢᠨ ᠲᠠᠮᠢᠷ ᠬᠢᠭᠡᠳ ᠵᠠᠭᠤᠴᠢᠯᠠᠭᠤᠷ᠂ ᠣᠷᠣᠨ ᠰᠠᠭᠤᠴᠠ ᠵᠢᠨ ᠪᠠᠲᠤᠯᠠᠭ᠎ᠠ ᠵᠢᠨ ᠵᠠᠷᠤᠯᠭ᠎ᠠ ᠵᠢᠨ ᠨᠡᠮᠡᠭᠳᠡᠯ᠎ᠤᠨ ᠬᠡᠮᠵᠢᠶ᠎ᠡ ᠴᠥᠮ 10% ᠵᠢ ᠳᠠᠪᠠᠵᠤ᠂ ᠪᠣᠳᠠᠲᠠᠢ ᠨᠡᠮᠡᠭᠳᠡᠯ᠎ᠤᠨ ᠬᠡᠮᠵᠢᠶ᠎ᠡ᠎ᠨᠢ ᠲᠣᠰ ᠲᠣᠰ᠄ 107.1%᠂ 46.2%᠂ 17.2%᠂ 10.6%᠂ 13.5%᠂ 31.9%᠂ 19.8%᠂ 10.6% ᠪᠣᠯᠣᠨ᠎ᠠ᠃ ᠡᠨᠡ ᠵᠢᠯ᠎ᠤᠨ 1 – 9 ᠳ᠋ᠦ᠍ᠭᠡᠷ ᠰᠠᠷ᠎ᠠ᠎ᠳᠤ᠂ ᠥᠪᠥᠷ ᠮᠣᠩᠭᠤᠯ᠎ᠤᠨ ᠡᠩ᠎ᠤᠨ ᠨᠡᠶ᠋ᠢᠲᠡ ᠵᠢᠨ ᠲᠥᠰᠥᠪ᠎ᠤᠨ ᠣᠷᠣᠯᠭ᠎ᠠ 2411.1 ᠳ᠋ᠦᠩᠰᠢᠭᠤᠷ ᠲᠥᠭᠦᠷᠢᠭ᠎ᠲᠤ ᠬᠦᠷᠴᠦ᠂ ᠵᠢᠯ᠎ᠤᠨ ᠡᠬᠢᠨ᠎ᠤ ᠵᠢᠱ᠌ᠢᠯᠲᠡ (2850 ᠳ᠋ᠦᠩᠰᠢᠭᠤᠷ ᠲᠥᠭᠦᠷᠢᠭ) ᠵᠢᠨ 84.6% ᠵᠢ ᠪᠡᠶᠡᠯᠡᠭᠦᠯᠵᠦ᠂ ᠠᠳᠠᠯᠢ ᠬᠤᠭᠤᠴᠠᠭ᠋ᠠᠨ᠎ᠤ ᠎ᠬᠢ᠎ᠠᠴᠠ 176.6 ᠳ᠋ᠦᠩᠰᠢᠭᠤᠷ ᠲᠥᠭᠦᠷᠢᠭ ᠨᠡᠮᠡᠭᠳᠡᠨ᠂ 7.9%᠎ᠪᠠᠷ ᠨᠡᠮᠡᠭᠳᠡᠪᠡ᠃ ᠡᠭᠦᠨ᠎ᠤ ᠳᠣᠲᠣᠷ᠎ᠠ ᠭᠠᠶ᠋ᠢᠯᠢ ᠲᠠᠲᠠᠪᠤᠷᠢ ᠵᠢᠨ ᠣᠷᠣᠯᠭ᠎ᠠ ᠵᠢᠨ ᠡᠵᠡᠯᠡᠬᠦ ᠬᠠᠷᠢᠴᠠᠯ 74.4%᠎ᠳᠤ ᠬᠦᠷᠴᠡᠢ᠃

ᠢᠷᠡᠯᠲᠡ᠄ ᠦᠪᠦᠷ ᠮᠣᠩᠭᠣᠯ᠎ᠤᠨ ᠦᠪᠡᠷᠲᠡᠭᠡᠨ ᠵᠠᠰᠠᠬᠣ ᠣᠷᠣᠨ᠎ᠤ ᠠᠷᠠᠳ᠎ᠤᠨ ᠵᠠᠰᠠᠭ᠎ᠤᠨ ᠣᠷᠳᠣᠨ
          
ᠬᠠᠮᠢᠶ᠎ᠡ ᠪᠦᠬᠦᠢ ᠰᠣᠨᠢᠨ
ᠬᠥᠬᠡᠬᠤᠲᠠ ᠪᠤᠭᠤᠲᠤ ᠬᠤᠶᠠᠷ ᠭᠠᠵᠠᠷ 192 ᠵᠦᠢ᠍ᠯ᠎ᠤᠨ ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡ ᠵᠢ 《ᠬᠤᠲᠠ ᠢᠯᠭ᠋ᠠᠬᠤ ᠦᠭᠡᠢ》 ᠭᠥᠯᠢᠶᠡᠨ ᠠᠪᠴᠤ ᠠᠳᠠᠯᠢ ᠪᠠᠷᠢᠮᠵᠢᠶ᠎ᠠ᠎ᠪᠠᠷ ᠭᠦᠢ᠍ᠴᠡᠳᠬᠡᠬᠦ ᠪᠣᠯᠪᠠ
2024 ᠤᠨ᠎ᠤ ᠭᠤᠤᠯᠳᠠᠯᠭ᠎ᠠ᠎ᠲᠠᠢ ᠠᠵᠢᠯ᠎ᠤᠨ ᠲᠤᠪᠴᠢᠯᠠᠯ
ᠮᠦᠩᠬᠡ ᠨᠤᠭᠤᠭ᠋ᠠᠨ ᠲᠠᠯ᠎ᠠ ᠨᠤᠲᠤᠭ
ᠲᠠᠷᠢᠶᠠᠴᠢᠳ᠎ᠤᠨ ᠣᠷᠣᠯᠭ᠎ᠠ ᠵᠢᠨ ᠨᠡᠮᠡᠭᠳᠡᠯ᠎ᠢ ᠠᠬᠢᠭᠤᠯᠬᠤ ᠠᠵᠢᠯᠯᠠᠭ᠎ᠠ ᠵᠢ ᠬᠡᠷᠬᠢᠨ ᠬᠡᠷᠡᠭᠵᠢᠭᠦᠯᠬᠦ ᠪᠣᠶ? (ᠲᠥᠷᠥ ᠵᠢᠨ ᠪᠣᠳᠣᠯᠭ᠎ᠠ ᠵᠢᠨ ᠠᠰᠠᠭᠤᠯᠲᠠ ᠬᠠᠷᠢᠭᠤᠯᠲᠠ · ᠬᠥᠳᠡᠭᠡ ᠲᠣᠰᠬᠤᠨ᠎ᠢ ᠪᠥᠬᠦ ᠲᠠᠯ᠎ᠠ᠎ᠪᠠᠷ ᠬᠥᠭᠵᠢᠭᠦᠯᠦᠨ ᠮᠠᠨᠳᠤᠭᠤᠯᠬᠤ ᠵᠢ ᠠᠬᠢᠭᠤᠯᠤᠨ᠎ᠠ)
 
             蒙ICP备05000248号