ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠦᠢᠯᠡᠴᠢᠯᠡᠬᠦ᠌ ᠵᠦᠭᠯᠡᠬᠦᠷ
ᠡᠯᠡᠰᠦᠨ ᠳᠠᠩ᠎ᠢ ᠵᠠᠰᠠᠬᠤ ᠠᠷᠭ᠎ᠠ
ᠨᠡᠶ᠋ᠢᠲᠡᠯᠡᠭᠰᠡᠨ ᠴᠠᠭ᠄ 2020-04-16

      ᠮᠠᠯᠵᠢᠬᠤ ᠤᠷᠤᠨ ᠪᠠ ᠪᠤᠰᠤᠳ ᠵᠠᠷᠢᠮ ᠭᠠᠵᠠᠷ ᠤᠷᠤᠨ᠎ᠲᠠᠬᠢ ᠭᠠᠵᠠᠷ᠎ᠤᠨ ᠪᠠᠶ᠋ᠢᠳᠠᠯ᠎ᠨᠢ ᠨᠡᠯᠢᠶᠡᠳ ᠳᠤᠤᠷ᠎ᠠ ᠡᠯᠡᠰᠦᠷᠭᠡᠭ ᠭᠠᠵᠠᠷ᠎ᠢ ᠡᠯᠡᠰᠦᠨ ᠳᠠᠩ ᠭᠡᠳᠡᠭ᠃ ᠳᠡᠭᠡᠪᠡᠯ ᠬᠡᠷᠭᠢᠨ ᠡᠯᠡᠰᠦᠨ ᠳᠠᠩ᠎ᠢ ᠵᠠᠰᠠᠨ ᠦᠭᠡᠷᠡᠴᠢᠯᠡᠬᠦ ᠪᠤᠢ? ᠡᠯᠡᠰᠦ ᠵᠢ ᠵᠠᠰᠠᠬᠤ᠎ᠳᠤ ᠤᠷᠢᠳᠠᠪᠠᠷ ᠡᠯᠡᠰᠦᠨ ᠳᠠᠩ᠎ᠤᠨ ᠪᠠᠷᠠᠭᠤᠨ ᠬᠤᠶ᠋ᠢᠨᠠᠬᠢ ᠭᠡᠰᠡᠭ᠎ᠲᠤ᠎ᠨᠢ ᠪᠤᠷᠭ᠋ᠠᠰᠤ ᠳᠠᠷᠢᠨ᠎ᠠ᠃
      ᠳᠠᠷᠠᠭ᠎ᠠ᠎ᠨᠢ ᠮᠠᠩᠬᠠᠨ ᠤᠷᠤᠢ ᠵᠢᠨ ᠳᠦᠷᠪᠡᠨ ᠳᠠᠯ᠎ᠠ᠎ᠪᠠᠷ᠎ᠨᠢ ᠪᠤᠷᠭ᠋ᠠᠰᠤ ᠳᠠᠷᠢᠨ᠎ᠠ᠃ ᠡᠭᠦᠨ᠎ᠢ 《ᠡᠬᠢ ᠵᠢ᠎ᠨᠢ ᠳᠠᠰᠤᠯᠵᠤ᠂ ᠳᠦᠷᠪᠡᠨ ᠳᠠᠯ᠎ᠠ᠎ᠠᠴᠠ᠎ᠨᠢ ᠪᠦᠰᠡᠯᠡᠨ ᠳᠠᠭ᠋ᠠᠷᠢᠬᠤ》 ᠠᠷᠭ᠎ᠠ ᠭᠡᠳᠡᠭ᠃
      ᠬᠤᠶᠠᠳᠤᠭ᠋ᠠᠷ ᠠᠯᠬᠤᠮ᠎ᠨᠢ ᠤᠢ ᠵᠢᠨ ᠳᠤᠤᠷ᠎ᠤᠨ ᠪᠦᠳᠦᠭᠡᠨ ᠪᠠᠶ᠋ᠢᠭᠤᠯᠤᠯᠳᠠ ᠵᠢ ᠶᠠᠪᠤᠭᠤᠯᠤᠨ᠎ᠠ᠃ ᠢᠩᠬᠢᠪᠡᠯ ᠰᠠᠯᠬᠢᠨ᠎ᠤ ᠰᠡᠷᠭᠡᠶ᠋ᠢᠯᠡᠬᠦ ᠦᠢ᠍ᠯᠡᠳᠦᠯ᠎ᠢ ᠳᠡᠭᠡᠭᠰᠢᠯᠡᠭᠦᠯᠵᠤ ᠴᠢᠳᠠᠨ᠎ᠠ᠃
      ᠪᠤᠳᠠᠳᠠᠢ ᠬᠢᠬᠦ ᠠᠷᠭ᠎ᠠ᠎ᠨᠢ᠄ ᠳᠦᠷᠪᠡᠨ ᠳᠠᠯ᠎ᠠ᠎ᠳᠤᠨᠢ ᠪᠤᠷᠭ᠋ᠠᠰᠤ᠎ᠪᠠᠨ ᠳᠠᠷᠢᠭᠰᠠᠨ᠎ᠤ ᠳᠠᠷᠠᠭ᠎ᠠ ᠳᠤᠳᠤᠷ᠎ᠠ᠎ᠨᠢ ᠪᠦᠷ ᠦᠨᠳᠦᠷ ᠡᠰᠢ᠎ᠲᠠᠢ ᠬᠠᠷ᠎ᠠ ᠬᠠᠯᠢᠰᠤ᠎ᠲᠠᠢ ᠤᠳᠠ ᠮᠤᠳᠤ ᠵᠢ ᠳᠠᠷᠢᠨ᠎ᠠ᠃ ᠮᠤᠳᠤ ᠳᠠᠷᠢᠬᠤ᠎ᠳᠠᠭᠠᠨ ᠭᠠᠵᠠᠷ᠎ᠤᠨ ᠤᠨᠴᠠᠯᠢᠭ᠎ᠢ ᠦᠨᠳᠦᠰᠦᠯᠡᠵᠤ᠂ ᠨᠢᠭᠳᠠᠴᠠ ᠵᠢ᠎ᠨᠢ ᠵᠤᠬᠢᠰᠳᠠᠢ ᠳᠤᠬᠢᠷᠠᠭᠤᠯᠬᠤ ᠬᠡᠷᠡᠭᠳᠡᠢ᠃ ᠬᠡᠳᠦᠷᠬᠡᠢ ᠵᠤᠵᠠᠭ᠋ᠠᠨ ᠳᠠᠷᠢᠪᠠᠯ ᠮᠤᠳᠤᠨ᠎ᠤ ᠦᠨᠳᠦᠰᠦ᠎ᠨᠢ ᠨᠢᠭᠡ ᠯᠠ ᠳᠤᠤᠷ᠎ᠠ ᠴᠤᠭᠯᠠᠷᠠᠭ᠋ᠠᠳ᠂ ᠬᠦᠷᠦᠰᠦ ᠰᠢᠷᠤᠢ ᠳᠤᠮᠳᠠᠬᠢ ᠰᠢᠮ᠎ᠡ ᠳᠡᠵᠢᠭᠡᠯ᠎ᠨᠢ ᠪᠦᠷ ᠮᠤᠳᠤᠨ᠎ᠳᠤ ᠳᠠᠳᠠᠭᠳᠠᠨ ᠰᠢᠮᠡᠳᠦᠭᠡᠳ ᠡᠪᠡᠰᠤ ᠤᠷᠭᠤᠬᠤ ᠵᠢᠨ ᠠᠷᠭ᠎ᠠ ᠦᠭᠡᠢ ᠪᠤᠯᠤᠨ᠎ᠠ᠃ ᠬᠡᠳᠦᠷᠬᠡᠢ ᠰᠢᠩᠭᠡᠨ ᠳᠠᠷᠢᠪᠠᠯ᠂ ᠰᠡᠯᠬᠢᠨ᠎ᠢ ᠰᠡᠷᠭᠡᠶ᠋ᠢᠯᠡᠵᠤ᠂ ᠡᠯᠡᠰᠦ ᠵᠢ ᠳᠤᠭᠳᠠᠪᠤᠷᠢᠵᠢᠭᠤᠯᠬᠤ ᠵᠢ ᠨᠦᠯᠦᠭᠡᠯᠡᠬᠦ ᠶᠤᠮ᠃ ᠤᠷᠢᠳᠠᠪᠠᠷ ᠬᠦᠷᠦᠰᠦ ᠰᠢᠷᠤᠢ ᠵᠢᠨ ᠬᠦᠴᠦ ᠰᠢᠮ᠎ᠡ ᠪᠠ ᠬᠠᠭᠤᠷᠠᠢ ᠤᠰᠤᠯᠢᠭ ᠪᠠᠶ᠋ᠢᠳᠠᠯ᠎ᠢ ᠦᠨᠳᠦᠰᠦᠯᠡᠵᠤ᠂ ᠰᠠᠭᠤᠷᠢ ᠮᠦᠷ᠎ᠤᠨ ᠵᠠᠢ ᠵᠢ ᠡᠵᠡᠮᠰᠢᠵᠤ ᠠᠪᠬᠤ ᠬᠡᠷᠡᠭᠳᠡᠢ᠃
      ᠬᠡᠷᠪᠡ ᠰᠢᠷᠤᠢ ᠵᠢᠨ ᠴᠢᠨᠠᠷ ᠰᠠᠶ᠋ᠢᠨ ᠬᠦᠷᠦᠰᠦ ᠰᠢᠷᠤᠢ ᠵᠢᠨ ᠬᠦᠴᠦ ᠰᠢᠮ᠎ᠡ᠎ᠨᠢ ᠴᠢᠩᠭ᠎ᠠ᠂ ᠤᠰᠤᠨ᠎ᠤ ᠬᠡᠮᠵᠢᠶ᠎ᠡ᠎ᠨᠢ ᠪᠦᠷᠢᠨ ᠭᠦᠢ᠍ᠴᠡᠳ ᠪᠤᠯ ᠵᠤᠬᠢᠰᠳᠠᠢ᠎ᠪᠠᠷ ᠵᠤᠵᠠᠭ᠋ᠠᠨ ᠰᠢᠭ᠋ ᠳᠠᠷᠢᠨ᠎ᠠ᠃
      ᠡᠪᠡᠰᠤ ᠤᠷᠭᠤᠮᠠᠯ ᠠᠶᠠᠨᠳᠠᠭ᠋ᠠᠨ ᠤᠷᠭᠤᠵᠤ ᠳᠡᠶ᠋ᠢᠯᠬᠦ ᠦᠭᠡᠢ ᠭᠠᠵᠠᠷ᠎ᠲᠤ ᠡᠪᠡᠰᠦᠨ᠎ᠤ ᠤᠨᠠᠯᠳᠠ ᠵᠢ ᠳᠡᠭᠡᠭᠰᠢᠯᠡᠭᠦᠯᠬᠦ᠎ᠪᠠᠷ ᠭᠤᠤᠯ ᠵᠤᠷᠢᠯᠭ᠎ᠠ᠎ᠪᠠᠨ ᠪᠤᠯᠭ᠋ᠠᠬᠤ ᠵᠢᠨ ᠬᠠᠮᠳᠤ ᠪᠠᠰᠠ ᠳᠡᠷᠢ ᠳᠡᠭᠰᠢᠬᠡᠨ ᠭᠤᠶᠤ ᠦᠵᠡᠮᠵᠢ᠎ᠲᠠᠢ ᠪᠠᠶ᠋ᠢᠯᠭ᠋ᠠᠬᠤ ᠳᠠᠯ᠎ᠠ᠎ᠪᠠᠷ ᠬᠦᠴᠦ ᠵᠠᠷᠤᠴᠠᠭᠤᠯᠬᠤ ᠬᠡᠷᠡᠭᠳᠡᠢ᠃ ᠠᠷᠭ᠎ᠠ᠎ᠨᠢ᠄ ᠤᠢ ᠵᠢᠨ ᠳᠤᠤᠷ᠎ᠤᠨ ᠳᠦᠷᠪᠡᠨ ᠳᠠᠯ᠎ᠠ᠎ᠪᠠᠷ᠎ᠨᠢ ᠴᠠᠬᠢᠯᠳᠠᠭ ᠳᠠᠷᠢᠨ᠎ᠠ᠃ ᠤᠴᠢᠷ᠎ᠨᠢ ᠴᠠᠬᠢᠯᠳᠠᠭ᠎ᠤᠨ ᠦᠨᠳᠦᠰᠦ᠎ᠨᠢ ᠬᠦᠭᠵᠢᠭᠰᠡᠨ ᠪᠤᠯᠬᠤᠷ ᠮᠤᠳᠤ᠎ᠲᠠᠢ ᠬᠠᠮᠳᠤ᠎ᠪᠠᠷ ᠰᠢᠮ᠎ᠡ ᠳᠡᠵᠢᠭᠡᠯ ᠪᠠ ᠤᠰᠤ ᠵᠢ ᠰᠤᠷᠤᠨ ᠠᠪᠴᠤ ᠴᠢᠳᠠᠳᠠᠭ᠃ ᠳᠤᠮᠳᠠ᠎ᠨᠢ ᠴᠠᠷᠭ᠋ᠠᠰᠤ᠂ ᠬᠦᠴᠢᠩᠭᠢ ᠵᠡᠷᠭᠡ ᠵᠢᠨ ᠴᠢᠨᠠᠷᠯᠢᠭ ᠪᠡᠯᠴᠢᠭᠡᠷ ᠡᠪᠡᠰᠤ ᠵᠢ ᠳᠠᠷᠢᠨ᠎ᠠ᠃ ᠢᠩᠬᠢᠪᠡᠯ ᠪᠡᠯᠴᠢᠭᠡᠷ᠎ᠨᠢ ᠬᠠᠪᠤᠷ ᠵᠤᠨ᠎ᠤ ᠤᠯᠠᠷᠢᠯ ᠪᠤᠯᠬᠤ ᠪᠦᠷᠢ᠎ᠳᠤ᠂ ᠤᠢ ᠵᠢᠨ ᠳᠤᠤᠷ᠎ᠤᠨ ᠨᠢᠳᠤ ᠪᠦᠷᠢ᠎ᠨᠢ ᠳᠦᠷᠪᠡᠨ ᠳᠠᠯ᠎ᠡ᠎ᠪᠠᠷ ᠵᠶ᠋ᠠᠨ ᠬᠦᠬᠡ ᠦᠩᠭᠡ ᠵᠢᠨ ᠴᠡᠴᠡᠭ᠎ᠲᠠᠢ ᠴᠠᠬᠢᠯᠳᠠᠭ ᠤᠷᠭᠤᠵᠤ᠂ ᠳᠤᠮᠳᠠ᠎ᠨᠢ ᠬᠦᠷᠡᠩ ᠴᠠᠭ᠋ᠠᠨ ᠰᠢᠷ᠎ᠡ ᠴᠡᠴᠡᠭ᠎ᠲᠠᠢ ᠡᠪᠡᠰᠤ ᠨᠦᠭᠦᠳ ᠬᠠᠷᠠᠭᠳᠠᠨ᠎ᠠ᠃

ᠢᠷᠡᠯᠲᠡ᠄ ᠪᠠᠶᠠᠨᠨᠠᠭᠤᠷ ᠮᠤᠩᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠣᠶ ᠰᠢᠭᠤᠶ ᠵᠢᠨ ᠭᠠᠯ᠎ᠤᠨ ᠠᠶᠤᠯ᠎ᠤᠨ ᠲᠦᠭᠰᠢᠭᠦᠷᠢᠲᠡᠶ ᠴᠠᠭ ᠠᠭᠤᠷ ᠭᠡᠵᠦ ᠶᠠᠭᠤ ᠪᠣᠶ? ᠬᠡᠷᠬᠢᠨ ᠲᠥᠷᠥᠯ ᠬᠤᠪᠢᠶᠠᠬᠤ ᠪᠣᠶ?
ᠮᠣᠳᠣ ᠲᠠᠷᠢᠵᠤ ᠣᠶ᠋ᠢᠵᠢᠭᠤᠯᠬᠤ ᠶᠡᠷᠦ ᠵᠢᠨ ᠮᠡᠳᠡᠯᠭᠡ
ᠤᠢ ᠰᠢᠭᠤᠢ ᠵᠢᠨ ᠶᠡᠷᠦ ᠵᠢᠨ ᠮᠡᠳᠡᠯᠭᠡ
ᠮᠠᠯ᠎ᠤᠨ ᠬᠠᠰᠢᠶ᠎ᠠ ᠰᠠᠷᠠᠪᠴᠢ ᠪᠠᠷᠢᠬᠤ ᠮᠠᠲ᠋ᠧᠷᠢᠶᠠᠯ᠎ᠢ ᠬᠡᠷᠬᠢᠨ ᠰᠤᠨᠭ᠌ᠭᠤᠬᠤ ᠪᠤᠢ
ᠬᠠᠢ᠍ᠢ᠍ᠯᠠᠰᠤᠨ ᠮᠤᠳᠤᠨ᠎ᠤ ᠭᠡᠷᠡᠭᠴᠡᠭᠡ
 
             蒙ICP备05000248号