ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠦᠢᠯᠡᠴᠢᠯᠡᠬᠦ᠌ ᠵᠦᠭᠯᠡᠬᠦᠷ
ᠭᠠᠷ ᠤᠲᠠᠰᠤ᠎ᠪᠠᠷ ᠡᠮ᠎ᠤᠨ ᠦᠯᠡᠳᠡᠭᠳᠡᠯ᠎ᠢ ᠰᠢᠯᠭ᠋ᠠᠵᠤ ᠲᠡᠢ᠍ᠢ᠍ᠯᠦᠨ᠎ᠡ ᠤᠤ⁈
ᠨᠡᠶ᠋ᠢᠲᠡᠯᠡᠭᠰᠡᠨ ᠴᠠᠭ᠄ 2020-07-30

      ᠢᠳᠡᠵᠦ ᠤᠤᠭᠤᠵᠤ ᠪᠤᠢ ᠨᠤᠭᠤᠭ᠎ᠠ᠂ ᠵᠢᠮᠢᠰ᠂ ᠴᠠᠢ ᠵᠡᠷᠭᠡ ᠲᠠᠷᠢᠶᠠᠯᠠᠡᠭ᠎ᠤᠨ ᠪᠦᠲᠦᠭᠡᠭᠳᠡᠭᠦᠨ᠎ᠳᠤ ᠲᠠᠷᠢᠶᠠᠨ ᠡᠮ᠎ᠤᠨ ᠦᠯᠡᠳᠡᠭᠳᠡᠯ ᠪᠠᠶ᠋ᠢᠬᠤ ᠡᠰᠡᠬᠦ ᠵᠢ ᠬᠦᠮᠦᠰ ᠤᠯᠠᠮ᠎ᠠᠴᠠ ᠤᠯᠠᠮ ᠠᠩᠬᠠᠷᠳᠠᠭ ᠪᠤᠯᠵᠠᠢ᠃ ᠠᠷᠭ᠎ᠠ ᠴᠦ᠍ ᠦᠭᠡᠢ ᠪᠠᠶ᠋ᠢᠯᠭᠦᠢ᠂ ᠡᠨᠡ᠎ᠨᠢ ᠮᠦᠨ ᠢᠳᠡᠭᠡᠨ᠎ᠤ ᠠᠮᠤᠷ ᠲᠦᠪᠰᠢᠨ᠎ᠤ ᠲᠠᠯ᠎ᠠ᠎ᠪᠠᠷ ᠢᠲᠡᠭᠡᠯ ᠰᠤᠯᠠᠷᠠᠭᠰᠠᠨ ᠬᠦᠮᠦᠰ᠎ᠤᠨ ᠨᠡᠶ᠋ᠢᠲᠡᠯᠢᠭ ᠰᠡᠳᠬᠢᠬᠦᠢ ᠪᠦᠭᠡᠳ ᠠᠮᠢᠳᠤᠷᠠᠯ᠎ᠤᠨ ᠲᠦᠪᠰᠢᠨ ᠳᠡᠭᠡᠭᠰᠢᠯᠡᠭᠰᠡᠨ᠎ᠲᠠᠢ ᠴᠦ᠍ ᠰᠢᠭᠤᠳ ᠬᠤᠯᠪᠤᠭ᠎ᠠ᠎ᠲᠠᠢ ᠶᠤᠮ᠃ ᠭᠡᠪᠡᠴᠦ ᠬᠡᠷᠡᠭᠯᠡᠭᠴᠢᠳ ᠠᠪᠤᠨ ᠳᠤᠤᠷ᠎ᠠ᠎ᠨᠢ ᠰᠢᠯᠭ᠋ᠠᠴᠢᠬᠠᠬᠤ ᠠᠷᠭ᠎ᠠ ᠤᠯᠳᠠᠬᠤ ᠦᠭᠡᠢ᠎ᠳᠡᠭᠡᠨ ᠤᠳᠤᠬᠠᠨ᠎ᠳᠤ ᠵᠦᠪᠬᠡᠨ 《ᠤᠷᠭ᠋ᠠᠨᠢᠭ》 ᠪᠤᠶᠤ 《ᠬᠦᠳᠡᠭᠡ ᠵᠢᠨ》 ᠭᠡᠬᠦ ᠪᠠᠯᠠᠷᠬᠠᠢ ᠤᠬᠠᠭᠲᠠᠬᠤᠨ ᠵᠶ᠋ᠠᠷ ᠰᠡᠳᠬᠢᠯ ᠵᠶ᠋ᠠᠨ ᠠᠷᠭ᠋ᠠᠳᠠᠳᠠᠭ᠎ᠨᠢ ᠤᠯᠠᠨ᠃
      ᠬᠠᠷᠢᠨ ᠤᠳᠠᠯ ᠦᠭᠡᠢ᠂ ᠭᠡᠷ᠎ᠲᠡᠭᠡᠨ ᠵᠢᠮᠢᠰ ᠨᠣᠭᠤᠭ᠎ᠠ ᠴᠠᠢ ᠵᠢᠨ ᠲᠠᠷᠢᠶᠠᠨ ᠡᠮ᠎ᠤᠨ ᠦᠯᠡᠳᠡᠭᠳᠡᠯ᠎ᠢ ᠥᠪᠡᠷᠰᠡᠳ ᠵᠶ᠋ᠠᠨ ᠪᠠᠶ᠋ᠢᠴᠠᠭ᠋ᠠᠬᠤ ᠬᠦᠰᠡᠯ ᠴᠢᠨᠢ ᠪᠡᠶᠡᠯᠡᠭᠳᠡᠨ᠎ᠡ ᠭᠡᠳᠡᠭ᠎ᠢ ᠤᠷᠴᠢᠮ᠎ᠤᠨ ᠡᠳᠦᠷ᠎ᠤᠨ ᠮᠡᠳᠡᠭᠡᠯᠡᠯ ᠵᠶ᠋ᠠᠷ ᠨᠡᠶ᠋ᠢᠲᠡᠯᠡᠭᠰᠡᠨ ᠪᠠᠶ᠋ᠢᠯ᠎ᠠ᠃ 6 ᠰᠠᠷ᠎ᠠ ᠵᠢᠨ 8᠎ᠤ ᠡᠳᠦᠷ᠂ ᠳᠤᠮᠳᠠᠳᠤ ᠤᠯᠤᠰ᠎ᠤᠨ ᠲᠠᠷᠢᠶᠠᠯᠠᠩ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ᠎ᠤᠨ ᠲᠠᠷᠢᠶᠠᠯᠠᠩ᠎ᠤᠨ ᠶᠠᠰᠤ ᠴᠢᠨᠠᠷ᠎ᠤᠨ ᠪᠠᠷᠢᠮᠵᠢᠶ᠎ᠠ ᠬᠢᠭᠡᠳ ᠰᠢᠯᠭ᠋ᠠᠨ ᠪᠠᠶ᠋ᠢᠴᠠᠭ᠋ᠠᠬᠤ ᠮᠡᠷᠭᠡᠵᠢᠯ᠎ᠤᠨ ᠰᠤᠳᠤᠯᠭ᠋ᠠᠨ᠎ᠤ ᠭᠠᠵᠠᠷ᠎ᠤᠨ ᠸᠠᠩ ᠵᠢᠩ᠎ᠤᠨ ᠤᠳᠤᠷᠢᠳᠤᠭᠰᠠᠨ ᠪᠦᠯᠬᠦᠮ ᠣᠯᠠᠨ ᠵᠢᠯ᠎ᠤᠨ ᠰᠤᠳᠤᠯᠭ᠋ᠠᠨ ᠵᠶ᠋ᠠᠷ ᠳᠠᠮᠵᠢᠨ ᠲᠠᠷᠢᠶᠠᠯᠠᠩ᠎ᠤᠨ ᠪᠣᠬᠢᠷᠲᠤᠯ ᠪᠣᠳᠠᠰ᠎ᠢ ᠲᠦᠷᠭᠡᠨ ᠪᠠᠶ᠋ᠢᠴᠠᠭ᠋ᠠᠨ ᠬᠡᠮᠵᠢᠬᠦ ᠮᠡᠷᠭᠡᠵᠢᠯ᠎ᠤᠨ ᠲᠠᠯ᠎ᠠ᠎ᠪᠠᠷ ᠰᠢᠨ᠎ᠡ ᠰᠢᠪᠲᠤᠯᠤᠯᠲᠠ᠎ᠲᠠᠢ ᠪᠤᠯᠤᠭᠰᠠᠨ ᠭᠡᠵᠡᠢ᠃ ᠵᠢᠷᠭᠢᠶ᠎ᠡ ᠵᠢᠨ ᠵᠢᠵᠢᠭ ᠫᠷᠤᠭ᠌ᠷᠠᠮ ᠵᠶ᠋ᠠᠷ ᠰᠡᠭᠦᠳᠡᠷᠯᠡᠵᠦ᠂ 5 ᠮᠢᠨᠦ᠋ᠲ᠎ᠲᠤ ᠨᠤᠭᠤᠭ᠎ᠠ ᠵᠢᠮᠢᠰ᠎ᠲᠤ ᠨᠠᠭ᠋ᠠᠯᠳᠤᠭᠰᠠᠨ ᠣᠯᠠᠨ ᠵᠦᠢ᠍ᠯ᠎ᠤᠨ ᠬᠢᠮᠢ ᠵᠢᠨ ᠡᠮ᠎ᠤᠨ ᠦᠯᠡᠳᠡᠭᠳᠡᠯ᠎ᠢ ᠪᠠᠶ᠋ᠢᠴᠠᠭ᠋ᠠᠨ ᠰᠢᠯᠭ᠋ᠠᠵᠤ᠂ ᠦᠷ᠎ᠡ ᠳ᠋ᠦᠩ᠎ᠢ ᠰᠢᠭᠤᠳ ᠭᠠᠷ ᠤᠲᠠᠰᠤᠨ ᠳᠡᠭᠡᠷ᠎ᠡ ᠢᠯᠡᠷᠡᠭᠦᠯᠦᠨ᠎ᠡ᠃
      ᠶᠡᠷᠦ᠎ᠳᠡᠭᠡᠨ ᠲᠠᠷᠢᠶᠠᠨ ᠡᠮ᠎ᠤᠨ ᠦᠯᠡᠳᠡᠭᠳᠡᠯ᠎ᠢ ᠪᠠᠶ᠋ᠢᠴᠠᠭ᠋ᠠᠨ ᠬᠡᠮᠵᠢᠬᠦ ᠵᠢ ᠲᠤᠰᠬᠠᠶ ᠮᠡᠷᠭᠡᠵᠢᠯ᠎ᠤᠨ ᠠᠵᠢᠯᠲᠠᠨ ᠲᠤᠷᠰᠢᠯᠲᠠ ᠵᠢᠨ ᠳᠠᠰᠤᠭ᠎ᠲᠤ ᠭᠦᠢ᠍ᠴᠡᠳᠬᠡᠳᠡᠭ ᠪᠠᠶ᠋ᠢᠭᠰᠠᠨ ᠶᠤᠮ᠃ ᠪᠠᠶ᠋ᠢᠴᠠᠭ᠋ᠠᠨ ᠰᠢᠯᠭ᠋ᠠᠬᠤ ᠲᠥᠬᠦᠭᠡᠷᠦᠮᠵᠢ ᠮᠠᠰᠢ ᠦᠨᠡᠲᠡᠢ᠂ ᠪᠠᠶ᠋ᠢᠴᠠᠭ᠋ᠠᠨ ᠰᠢᠯᠭ᠋ᠠᠭᠰᠠᠨ ᠦᠷ᠎ᠡ ᠳ᠋ᠦᠩ᠎ᠨᠢ ᠴᠦ᠍ ᠬᠡᠲᠦᠨ ᠡᠳᠦᠷ᠎ᠤᠨ ᠳᠠᠷᠠᠭ᠎ᠠ ᠰᠠᠶᠢ ᠭᠠᠷᠳᠠᠭ᠎ᠠᠴᠠ ᠵᠠᠬ᠎ᠠ ᠳᠡᠯᠭᠡᠭᠦᠷ᠎ᠤᠨ ᠭᠦᠢ᠍ᠯᠭᠡᠭᠡᠨ᠎ᠳᠤ ᠤᠷᠤᠭᠰᠠᠨ ᠨᠤᠭᠤᠭ᠎ᠠ ᠵᠢᠮᠢᠰ᠎ᠢ ᠲᠤᠬᠠᠢ ᠵᠢᠨ ᠲᠠᠯᠠᠪᠠᠢ᠎ᠳᠤᠨᠢ ᠰᠢᠯᠭ᠋ᠠᠨ ᠪᠠᠶ᠋ᠢᠴᠠᠭ᠋ᠠᠬᠤ ᠵᠢᠨ ᠠᠷᠭ᠎ᠠ ᠦᠭᠡᠢ ᠪᠠᠶ᠋ᠢᠳᠠᠭ᠃ ᠰᠢᠨ᠎ᠡ ᠰᠣᠷᠭᠤᠭ ᠲᠠᠷᠢᠶᠠᠯᠠᠩ᠎ᠤᠨ ᠪᠦᠲᠦᠭᠡᠭᠳᠡᠬᠦᠨ᠎ᠢ ᠲᠡᠭᠦᠵᠦ ᠬᠤᠷᠢᠶᠠᠭᠰᠠᠨ᠎ᠤ ᠲᠠᠷᠠᠭ᠎ᠠ᠂ ᠲᠠᠷᠢᠶᠠᠨ ᠡᠮ᠎ᠤᠨ ᠦᠯᠡᠳᠡᠭᠳᠡᠯ᠎ᠢ ᠰᠢᠯᠭ᠋ᠠᠨ ᠪᠠᠶ᠋ᠢᠴᠠᠭ᠋ᠠᠭᠰᠠᠨ ᠦᠷ᠎ᠡ ᠳ᠋ᠦᠩ᠎ᠢ ᠬᠦᠯᠢᠶᠡᠵᠦ ᠵᠠᠬ᠎ᠠ ᠳᠡᠯᠭᠡᠭᠦᠷ᠎ᠲᠤ ᠭᠠᠷᠭ᠋ᠠᠬᠤ ᠭᠡᠳᠡᠭ ᠪᠤᠯᠤᠮᠵᠢ ᠦᠭᠡᠢ ᠤᠴᠢᠷ ᠶᠤᠮ᠃ ᠤᠴᠢᠷ᠎ᠨᠢ ᠬᠦᠮᠦᠰ ᠨᠤᠭᠤᠭ᠎ᠠ ᠵᠢᠮᠢᠰ᠎ᠤᠨ ᠰᠢᠨ᠎ᠡ ᠰᠤᠷᠭᠤᠭ᠎ᠢ ᠪᠠᠲᠤᠯᠠᠬᠤ ᠵᠢᠨ ᠲᠦᠯᠦᠭᠡ ᠬᠡᠲᠦᠨ ᠡᠳᠦᠷ ᠵᠶ᠋ᠠᠷ ᠬᠦᠯᠢᠶᠡᠬᠦ ᠵᠢᠨ ᠠᠷᠭ᠎ᠠ ᠦᠭᠡᠢ᠃ ᠰᠢᠯᠭ᠋ᠠᠨ ᠪᠠᠶ᠋ᠢᠴᠠᠭ᠋ᠠᠭᠰᠠᠨ ᠦᠷ᠎ᠡ ᠳ᠋ᠦᠩ ᠭᠠᠷᠴᠦ ᠢᠷᠡᠲᠡᠯ᠎ᠡ ᠨᠦᠭᠦᠭᠡᠳᠡᠬᠢ ᠨᠤᠭᠤᠭ᠎ᠠ ᠵᠢᠮᠢᠰ᠎ᠨᠢ ᠠᠯᠢ ᠬᠡᠳᠦᠶ᠋ᠢᠨ ᠬᠡᠳᠡᠰᠦᠨ᠎ᠳᠤ ᠤᠷᠤᠴᠢᠬᠠᠭᠰᠠᠨ ᠪᠠᠶ᠋ᠢᠳᠠᠯ᠎ᠨᠢ ᠳᠡᠶ᠋ᠢᠯᠦᠩᠬᠢ ᠪᠢᠯᠡ᠃
      ᠡᠶ᠋ᠢᠮᠦ᠎ᠠᠴᠠ ᠤᠬᠤᠷᠬᠠᠨ ᠬᠤᠭᠤᠴᠠᠭ᠋ᠠᠨ᠎ᠳᠤ ᠲᠠᠷᠢᠶᠠᠨ ᠡᠮ᠎ᠤᠨ ᠦᠯᠡᠳᠡᠭᠳᠡᠯ᠎ᠢ ᠰᠢᠯᠭ᠋ᠠᠨ ᠪᠠᠶ᠋ᠢᠴᠠᠭ᠋ᠠᠬᠤ ᠮᠡᠷᠭᠡᠵᠢᠯ᠎ᠢ ᠵᠠᠰᠠᠭ᠎ᠤᠨ ᠤᠷᠳᠤᠨ᠎ᠤ ᠬᠢᠨᠠᠨ ᠬᠠᠮᠢᠶᠠᠷᠤᠯᠲᠠ ᠵᠢᠨ ᠰᠠᠯᠠᠭ᠎ᠠ ᠮᠦᠴᠢᠷ᠎ᠠᠴᠠ ᠡᠬᠢᠯᠡᠭᠡᠳ᠂ ᠡ᠊ᠩ᠎ᠤᠨ ᠬᠡᠷᠡᠭᠯᠡᠭᠴᠢᠳ ᠵᠢᠴᠢ ᠦᠢ᠍ᠯᠡᠳᠪᠦᠷᠢᠯᠡᠯ᠎ᠤᠨ ᠰᠠᠭᠤᠷᠢᠨ ᠪᠠ ᠲᠤᠮᠤ ᠬᠡᠯᠪᠡᠷᠢ ᠵᠢᠨ ᠳᠠᠭ᠋ᠠᠭᠤᠯᠤᠭᠴᠢ ᠠᠵᠤ ᠠᠬᠤᠶ᠋ᠢᠯᠠᠯ ᠴᠦ᠍ ᠬᠦᠰᠡᠨ ᠬᠦᠯᠢᠶᠡᠵᠦ ᠪᠠᠶ᠋ᠢᠭᠰᠠᠨ ᠶᠤᠮ᠃ ᠶᠠᠭ ᠡᠶ᠋ᠢᠮᠦᠷᠬᠦᠦ ᠬᠡᠷᠡᠭᠯᠡᠯᠲᠡ ᠵᠢᠨ ᠱᠠᠭ᠋ᠠᠷᠳᠠᠯᠭ᠎ᠠ ᠵᠢ ᠤᠭᠲᠤᠵᠤ᠂ ᠲᠠᠷᠢᠶᠠᠨ ᠡᠮ᠎ᠤᠨ ᠦᠯᠡᠳᠡᠭᠳᠡᠯ᠎ᠢ ᠲᠦᠷᠭᠡᠨ ᠪᠠᠶ᠋ᠢᠴᠠᠭ᠋ᠠᠨ ᠬᠡᠮᠵᠢᠬᠦ ᠮᠡᠷᠭᠡᠵᠢᠯ ᠨᠡᠭᠡᠭᠡᠭᠳᠡᠭᠰᠡᠨ᠎ᠨᠢ 《ᠴᠠᠭ᠎ᠤᠨ ᠬᠤᠷ᠎ᠠ》 ᠪᠤᠯᠵᠠᠢ᠃ ᠲᠡᠭᠡᠪᠡᠯ ᠡᠨᠡ ᠬᠥ᠌ ᠮᠡᠷᠭᠡᠵᠢᠯ᠎ᠨᠢ ᠶᠠᠮᠠᠷ ᠪᠠᠶ᠋ᠢᠳᠠᠭ ᠪᠤᠯ?
      ᠨᠢᠭᠡ ᠲᠤᠷᠰᠢᠯᠲᠠ ᠵᠢᠨ ᠴᠠᠭ᠋ᠠᠰᠤᠨ ᠵᠦᠰᠦᠮ ᠪᠠ ᠴᠠᠭ᠋ᠠᠰᠤᠨ ᠵᠦᠰᠦᠮ᠎ᠢ ᠰᠤᠭᠰᠤᠷᠠᠨ ᠲᠠᠯᠪᠢᠬᠤ 6 — 8 ᠬᠤᠪᠢᠯᠲᠤ ᠵᠢᠵᠢᠭ ᠲᠠᠪᠠᠭ᠎ᠢ ᠪᠠᠭᠲᠠᠭ᠋ᠠᠭᠰᠠᠨ ᠬᠤᠶᠠᠷ ᠵᠢᠵᠢᠭᠬᠡᠨ ᠪᠠᠭ᠋ᠠᠵᠢ ᠪᠤᠯ ᠲᠤᠰ ᠮᠡᠷᠭᠡᠵᠢᠯ᠎ᠢ ᠠᠰᠢᠬᠯᠠᠨ ᠨᠤᠭᠤᠭ᠎ᠠ ᠵᠢᠮᠢᠰ᠎ᠤᠨ ᠲᠠᠷᠢᠶᠠᠨ ᠡᠮ᠎ᠤᠨ ᠦᠯᠡᠳᠡᠭᠳᠡᠯ᠎ᠢ ᠰᠢᠯᠭ᠋ᠠᠨ ᠪᠠᠶ᠋ᠢᠴᠠᠭ᠋ᠠᠬᠤ ᠭᠤᠤᠯ ᠬᠡᠷᠡᠭᠯᠡᠭᠦᠷ ᠶᠤᠮ᠃ ᠨᠤᠭᠤᠭ᠎ᠠ ᠵᠢᠮᠢᠰ᠎ᠢ ᠲᠡᠪᠲᠦᠭᠡᠭᠰᠡᠨ ᠤᠰᠤ᠎ᠪᠠᠨ ᠶᠠᠩᠵᠤ ᠪᠤᠳᠠᠰ᠎ᠤᠨ ᠰᠠᠪᠠᠨ ᠲᠤᠳᠤᠷ᠎ᠠ ᠬᠡᠳᠦᠨ ᠳᠤᠰᠤᠯ ᠲᠤᠰᠤᠭ᠋ᠠᠵᠤ᠂ ᠳᠠᠬᠢᠨ ᠲᠤᠷᠰᠢᠯᠲᠠ ᠵᠢᠨ ᠴᠠᠭ᠋ᠠᠰᠤᠨ ᠵᠦᠰᠦᠮ ᠵᠶ᠋ᠠᠨ ᠲᠡᠭᠦᠨ ᠳᠤᠲᠤᠷ᠎ᠠ ᠬᠢᠵᠤ 5 ᠮᠢᠨᠦ᠋ᠲ ᠬᠦᠯᠢᠶᠡᠨ᠎ᠡ᠃ ᠡᠨᠡ ᠦᠶ᠎ᠡ᠎ᠳᠤ ᠲᠤᠷᠰᠢᠯᠲᠠ ᠵᠢᠨ ᠴᠠᠭ᠋ᠠᠰᠤᠨ ᠵᠦᠰᠦᠮ᠎ᠤᠨ ᠦᠩᠭᠡ ᠬᠤᠪᠢᠷᠠᠳᠠᠭ᠂ ᠦᠩᠭᠡ ᠬᠤᠪᠢᠷᠠᠭᠰᠠᠨ ᠴᠠᠭ᠋ᠠᠰᠤᠨ ᠵᠦᠰᠦᠮ ᠵᠶ᠋ᠠᠨ ᠵᠢᠵᠢᠭ ᠲᠠᠪᠠᠭ᠎ᠤᠨ ᠬᠤᠪᠢᠯ ᠲᠤᠳᠤᠷ᠎ᠠ ᠰᠤᠭᠰᠤᠷᠠᠨ ᠲᠠᠯᠪᠢᠵᠤ᠂ ᠭᠠᠷ ᠤᠲᠠᠰᠤᠨ᠎ᠤ ᠲᠤᠰᠬᠠᠢ ᠵᠢᠵᠢᠭ ᠫᠷᠤᠭ᠌ᠷᠠᠮ ᠵᠶ᠋ᠠᠷ ᠰᠡᠭᠦᠳᠡᠷᠯᠡᠨ ᠳᠡᠪᠰᠢᠭᠦᠯᠪᠡᠯ᠂ ᠬᠠᠷᠠᠭ᠋ᠠᠯᠵᠠᠭᠰᠠᠨ ᠲᠠᠷᠢᠶᠠᠨ ᠡᠮ᠎ᠤᠨ ᠦᠯᠡᠳᠡᠭᠳᠡᠯ᠎ᠤᠨ ᠪᠠᠷᠢᠮᠵᠢᠶ᠎ᠠ᠎ᠠᠴᠠ ᠬᠡᠲᠦᠷᠡᠭᠰᠡᠨ ᠡᠰᠡᠬᠦ ᠵᠢ ᠭᠠᠷ ᠤᠲᠠᠰᠤᠨ ᠳᠡᠭᠡᠷ᠎ᠡ ᠢᠯᠡᠷᠡᠭᠦᠯᠦᠨ ᠭᠠᠷᠭ᠋ᠠᠴᠢᠬᠠᠳᠠᠭ᠃
      ᠤᠳᠤᠬᠠᠨ᠎ᠳᠤ ᠪᠢ ᠴᠥᠩ ᠯᠢᠨ (吡虫啉)᠂ ᠺᠧ ᠪᠠᠢ ᠸᠧᠢ (克百威)᠂ ᠫᠤᠨ᠋ᠲ᠋ᠠᠽᠤᠯ ᠠᠯᠺᠣᠣᠯ (戊唑醇)᠂ ᠳ᠋ᠢᠩ ᠴᠦᠩ ᠮᠢ (啶虫脒)᠂ ᠹᠦ᠋ ᠮᠧᠢ ᠯᠢᠨ (腐霉利)᠂ ᠬᠠᠴᠢᠭ ᠠᠯᠠᠭᠴᠢ (毒死蜱)᠂ ᠳ᠋ᠦᠸᠧ ᠵᠢᠶᠦ᠋ᠨ ᠯᠢᠩ (多菌灵) ᠵᠡᠷᠭᠡ ᠲᠠᠷᠢᠶᠠᠨ ᠡᠮ᠎ᠤᠨ ᠦᠯᠡᠳᠡᠭᠳᠡᠯ᠎ᠢ ᠪᠠᠶ᠋ᠢᠴᠠᠭ᠋ᠠᠨ ᠰᠢᠯᠭ᠋ᠠᠬᠤ ᠲᠤᠷᠰᠢᠯᠲᠠ ᠵᠢᠨ ᠴᠠᠭ᠋ᠠᠰᠤ ᠵᠢ ᠦᠢ᠍ᠯᠡᠳᠦᠨ ᠭᠠᠷᠭ᠋ᠠᠵᠠᠢ᠃ ᠡᠨᠡ ᠬᠡᠳᠦᠨ ᠵᠦᠢ᠍ᠯ᠎ᠤᠨ ᠲᠠᠷᠢᠶᠠᠨ ᠡᠮ᠎ᠢ ᠰᠣᠩᠭᠤᠬᠰᠠᠨ᠎ᠨᠢ ᠡᠳᠡᠭᠡᠷ ᠲᠠᠷᠢᠶᠠᠨ ᠡᠮ ᠪᠤᠯ ᠠᠮᠠᠷᠬᠠᠨ ᠪᠠᠷᠢᠮᠵᠢᠶ᠎ᠠ᠎ᠠᠴᠠ ᠬᠡᠲᠦᠷᠡᠬᠦ ᠠᠶᠤᠯ ᠡᠭᠦᠰᠳᠡᠭ ᠲᠠᠷᠢᠶᠠᠨ ᠡᠮ ᠶᠤᠮ᠃ ᠡᠳᠡᠭᠡᠷ ᠡᠮ ᠪᠦᠷᠢ ᠵᠢ ᠰᠢᠯᠭ᠋ᠠᠨ ᠪᠠᠶ᠋ᠢᠴᠠᠭ᠋ᠠᠬᠤ ᠲᠤᠷᠰᠢᠯᠲᠠ ᠵᠢᠨ ᠴᠠᠭ᠋ᠠᠰᠤ᠎ᠨᠢ ᠠᠳᠠᠯᠢ ᠪᠤᠰᠤ ᠪᠠᠶ᠋ᠢᠵᠤ᠂ ᠬᠡᠷᠪᠡ ᠠᠯᠢ ᠨᠢᠭᠡ ᠵᠢ᠎ᠨᠢ ᠰᠢᠯᠭ᠋ᠠᠬᠤ ᠭᠡᠪᠡᠯ ᠲᠡᠷᠡ ᠲᠦᠷᠦᠯ᠎ᠤᠨ ᠲᠤᠷᠰᠢᠯᠲᠠ ᠵᠢᠨ ᠴᠠᠭ᠋ᠠᠰᠤ ᠵᠢ ᠰᠤᠩᠭᠤᠵᠤ ᠬᠡᠷᠡᠭᠯᠡᠪᠡᠯ ᠪᠤᠯᠴᠢᠬᠠᠨ᠎ᠠ᠃
      ᠲᠡᠳᠡᠨ᠎ᠤ ᠰᠤᠳᠤᠯᠤᠨ ᠦᠢ᠍ᠯᠡᠳᠦᠭᠰᠡᠨ ᠰᠢᠯᠭ᠋ᠠᠨ ᠪᠠᠶ᠋ᠢᠴᠠᠭ᠋ᠠᠬᠤ ᠵᠠᠩᠭᠢᠯᠠᠭ᠎ᠠ ᠵᠢᠨ ᠮᠡᠷᠭᠡᠵᠢᠯ᠎ᠨᠢ 2019 ᠣᠨ᠎ᠤ ᠤᠯᠤᠰ᠎ᠤᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠡᠭᠦᠳᠦᠯᠲᠡ ᠵᠢᠨ ᠬᠤᠶᠠᠳᠤᠭ᠋ᠠᠷ ᠳᠡᠰ᠎ᠤᠨ ᠱᠠᠩᠨᠠᠯ᠎ᠢ ᠬᠦᠷᠳᠡᠪᠡ᠃ ᠡᠭᠦᠨ᠎ᠤ ᠬᠠᠮᠲᠤ ᠭᠠᠷ ᠤᠲᠠᠰᠤ᠎ᠪᠠᠷ 5 ᠮᠢᠨᠦ᠋ᠲ᠎ᠤᠨ ᠳᠣᠲᠣᠷ᠎ᠠ ᠦᠷ᠎ᠡ ᠳ᠋ᠦᠩ᠎ᠢ ᠢᠯᠡᠷᠡᠭᠦᠯᠵᠦ ᠳᠡᠶ᠋ᠢᠯᠬᠦ ᠪᠤᠯᠤᠭᠰᠠᠨ᠎ᠨᠢ ᠣᠶ᠋ᠢᠷ᠎ᠠ ᠵᠢᠨ ᠵᠢᠯ᠎ᠤᠨ ᠵᠢᠷᠤᠭ ᠳᠦᠷᠰᠦ ᠵᠢ ᠢᠯᠭ᠋ᠠᠨ ᠲᠠᠨᠢᠬᠤ ᠮᠡᠷᠭᠡᠵᠢᠯ᠂ ᠵᠣᠬᠢᠶᠠᠮᠠᠯ ᠣᠶᠤᠨ᠂ ᠲᠣᠮᠣ ᠳ᠋ᠠᠶ᠋ᠢᠲ᠋ᠠ᠂ ᠪᠠᠷᠠᠭ᠋ᠠᠨ᠎ᠤ ᠰᠦᠯᠵᠢᠶ᠎ᠡ ᠵᠢᠨ ᠮᠡᠷᠭᠡᠵᠢᠯ ᠵᠢᠴᠢ ᠣᠶᠤᠨᠴᠢ ᠭᠠᠷ ᠤᠲᠠᠰᠤᠨ᠎ᠤ ᠲᠦᠷᠭᠡᠨ ᠬᠥᠭᠵᠢᠯᠲᠡ ᠵᠡᠷᠭᠡ ᠮᠡᠷᠭᠡᠵᠢᠯ᠎ᠤᠨ ᠲᠤᠰᠠᠯᠠᠯᠴᠠᠭ᠎ᠠ᠎ᠠᠴᠠ ᠪᠣᠯᠤᠭᠰᠠᠨ ᠶᠤᠮ᠃
      ᠲᠤᠷᠰᠢᠯᠲᠠ ᠵᠢᠨ ᠲᠤᠭ᠎ᠠ ᠪᠦᠷᠢᠳᠬᠡᠯ᠎ᠠᠴᠠ ᠦᠵᠡᠪᠡᠯ ᠣᠳᠣᠬᠠᠨ᠎ᠤ ᠵᠠᠬ᠎ᠠ ᠳᠡᠯᠭᠡᠭᠦᠷ ᠳᠡᠭᠡᠷᠡᠬᠢ ᠭᠤᠤᠯ ᠪᠤᠯᠬᠤ ᠳᠦᠷᠦᠯ ᠲᠡᠮᠳᠡᠭᠲᠦ ᠣᠶᠤᠨᠴᠢ ᠭᠠᠷ ᠤᠲᠠᠰᠤ᠎ᠨᠢ ᠴᠥᠮ ᠡᠨᠡ ᠬᠦ᠌ ᠰᠢᠯᠭ᠋ᠠᠨ ᠪᠠᠶ᠋ᠢᠴᠠᠭ᠋ᠠᠯᠲᠠ ᠵᠢ ᠬᠡᠷᠡᠭᠯᠡᠵᠦ ᠳᠡᠶ᠋ᠢᠯᠦᠨ᠎ᠡ᠂ ᠰᠢᠯᠭ᠋ᠠᠨ ᠪᠠᠶ᠋ᠢᠴᠠᠭ᠋ᠠᠬᠤ ᠰᠢᠰᠲ᠋ᠧᠮ᠎ᠤᠨ ᠣᠨᠣᠪᠴᠢᠲᠤ ᠴᠢᠨᠠᠷ᠎ᠨᠢ ᠴᠦ᠍ ᠲᠤᠰᠬᠠᠶ ᠮᠡᠷᠭᠡᠵᠢᠯ᠎ᠤᠨ ᠪᠠᠭ᠋ᠠᠵᠢ᠎ᠲᠠᠢ ᠦᠨᠳᠦᠰᠦᠨ᠎ᠳᠡᠭᠡᠨ ᠠᠳᠠᠯᠢ ᠪᠠᠶ᠋ᠢᠳᠠᠭ᠃ ᠲᠠᠷᠠᠭ᠋ᠠᠴᠢ ᠵᠢᠨ ᠠᠯᠬᠤᠮ᠎ᠳᠤ᠂ ᠠᠵᠤ ᠠᠬᠤᠶ᠋ᠢᠯᠠᠯ᠎ᠳᠤ ᠪᠥᠭᠡᠮ ᠵᠶ᠋ᠠᠷ ᠦᠢ᠍ᠯᠡᠳᠪᠦᠷᠢᠯᠡᠨ ᠵᠠᠬ᠎ᠠ ᠳᠡᠯᠭᠡᠭᠦᠷ᠎ᠲᠤ ᠤᠷᠤᠭᠤᠯᠬᠤ᠎ᠪᠠᠷ ᠪᠠᠶ᠋ᠢᠨ᠎ᠠ᠃ ᠲᠡᠷᠡ ᠦᠶ᠎ᠠ᠎ᠳᠤ ᠲᠠ ᠬᠡᠷᠪᠡ ᠨᠤᠭᠤᠭ᠎ᠠ ᠵᠢᠮᠢᠰ᠎ᠤᠨ ᠲᠠᠷᠢᠶᠠᠨ ᠡᠮ᠎ᠤᠨ ᠦᠯᠡᠳᠡᠭᠳᠡᠯ᠎ᠢ ᠦᠪᠡᠷ᠎ᠲᠡᠭᠡᠨ ᠰᠢᠯᠭ᠋ᠠᠨ ᠪᠠᠶ᠋ᠢᠴᠠᠭ᠋ᠠᠬᠤ ᠵᠢ ᠬᠦᠰᠡᠪᠡᠯ᠂ ᠲᠤᠰ ᠰᠢᠯᠭ᠋ᠠᠨ ᠪᠠᠶ᠋ᠢᠴᠠᠭ᠋ᠠᠬᠤ ᠪᠠᠭ᠋ᠠᠵᠢ ᠵᠢ ᠬᠤᠳᠠᠯᠳᠤᠨ ᠠᠪᠴᠦ ᠬᠦᠰᠡᠭᠰᠡᠨ ᠵᠦᠢ᠍ᠯ ᠵᠶ᠋ᠠᠨ ᠰᠢᠯᠭ᠋ᠠᠵᠤ ᠪᠤᠯᠤᠨ᠎ᠠ᠃

ᠢᠷᠡᠯᠲᠡ᠄ ᠤᠷᠳᠤᠰ ᠮᠤᠩᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠨᠢᠬᠡ ᠮᠤ᠌ ᠤᠢ ᠮᠤᠳᠤᠨ᠎ᠤ ᠦᠢ᠍ᠯᠡᠳᠦᠯ
ᠣᠷᠴᠢᠨ ᠲᠤᠭᠤᠷᠢᠨ᠎ᠢ ᠬᠠᠮᠠᠭ᠋ᠠᠯᠠᠬᠤ ᠮᠡᠳᠡᠯᠭᠡ
ᠤᠷᠭ᠋ᠠᠨᠢᠭ ᠳᠠᠷᠢᠶᠠᠯᠠᠩ
ᠦᠪᠤᠷ ᠮᠤᠩᠭᠤᠯ᠎ᠤᠨ ᠡᠯ᠎ᠡ ᠬᠤᠰᠢᠭᠤᠳ᠎ᠤᠨ ᠶᠡᠷᠤᠩᠬᠡᠢ ᠨᠤᠳᠤᠭ ᠲᠡᠪᠢᠰᠭᠡᠷ᠎ᠤᠨ ᠲᠡᠰ ᠲᠠᠷᠠᠭ᠋ᠠᠯᠠᠯ (ᠨᠢᠭᠡᠴᠢ᠄ ᠲᠦᠮᠡᠨ ᠲᠡᠭᠰᠢ ᠲᠦᠷᠪᠡᠯᠵᠢᠨ ᠺᠢᠯᠤᠮᠸᠲᠷ)
ᠣᠶ᠋ᠢᠲᠤ ᠭᠠᠵᠠᠷ᠎ᠢ ᠬᠡᠷᠡᠭᠯᠡᠬᠦ ᠵᠠᠰᠠᠭ ᠵᠠᠬᠢᠷᠭ᠋ᠠᠨ᠎ᠤ ᠵᠥᠪᠰᠢᠶᠡᠷᠡᠯ᠎ᠢ ᠭᠦᠢ᠍ᠴᠡᠳᠬᠡᠬᠦ
 
             蒙ICP备05000248号