ᠮᠠᠨ᠎ᠤ ᠤᠯᠤᠰ᠎ᠤᠨ ᠭᠠᠮᠰᠢᠭ᠎ᠢ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠡᠳᠦᠷ᠎ᠨᠢ ᠠᠯᠢ ᠡᠳᠦᠷ ᠪᠣᠯᠬᠤ ᠪᠤᠢ?
ᠬᠠᠷᠢᠭᠤᠯᠲᠠ᠄ 5 ᠰᠠᠷ᠎ᠠ ᠵᠢᠨ 12᠎ᠤᠨ ᠡᠳᠦᠷ᠃ 2008 ᠣᠨ᠎ᠤ 5 ᠰᠠᠷ᠎ᠠ ᠵᠢᠨ 12᠎ᠤᠨ ᠡᠳᠦᠷ᠂ ᠰᠧᠴᠤᠸᠠᠨ᠎ᠤ ᠸᠧᠨᠴᠤᠸᠠᠨ᠎ᠳᠤ ᠣᠨᠴᠠ ᠶᠡᠬᠡ ᠭᠠᠵᠠᠷ ᠬᠥᠳᠡᠯᠦᠯᠲᠡ ᠡᠭᠦᠰᠦᠭᠰᠡᠨ᠎ᠤ ᠳᠠᠷᠠᠭ᠎ᠠ᠂ ᠭᠠᠶ ᠭᠠᠮᠰᠢᠭ᠎ᠲᠤ ᠡ᠊ᠨᠳᠡᠭᠰᠡᠳᠢ ᠲᠤᠷᠠᠰᠤᠨ ᠰᠠᠨᠠᠭ᠋ᠠᠯᠵᠠᠵᠤ ᠪᠠᠢ᠍ᠢ᠍ᠬᠤ᠎ᠪᠠᠨ ᠢᠯᠡᠳᠬᠡᠵᠦ᠂ ᠪᠦᠬᠦ ᠠᠷᠠᠳ᠎ᠤᠨ ᠰᠠᠨᠠᠭ᠋ᠠᠰᠢᠷᠠᠯ ᠵᠣᠪᠠᠨᠢᠯ᠎ᠤᠨ ᠤᠬᠠᠮᠰᠠᠷ᠎ᠢ ᠲᠡᠭᠡᠭᠰᠢᠯᠡᠬᠦᠯᠵᠦ᠂ ᠭᠠᠮᠰᠢᠭ᠎ᠢ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠴᠢᠳᠠᠪᠤᠷᠢ᠎ᠪᠠᠨ ᠳᠡᠭᠡᠭᠰᠢᠯᠡᠭᠦᠯᠬᠦ ᠵᠢᠨ ᠲᠥᠯᠥᠭᠡ ᠲᠤᠬᠢᠷᠠᠭᠤᠯᠵᠠᠢ᠃
ᠪᠥᠬᠥ ᠤᠯᠤᠰ᠎ᠤᠨ ᠭᠠᠮᠰᠢᠭ᠎ᠢ ᠰᠡᠷᠭᠡᠶ᠋ᠢᠯᠡᠵᠦ ᠭᠠᠮᠰᠢᠭ᠎ᠢ ᠪᠠᠭ᠋ᠠᠰᠬᠠᠬᠤ ᠡᠳᠦᠷ᠎ᠤᠨ ᠵᠢᠷᠤᠭᠳᠤ ᠲᠡᠮᠳᠡᠭ᠎ᠲᠤ ᠶᠠᠮᠠᠷ ᠶᠠᠮᠠᠷ ᠡᠯᠧᠮᠧᠨ᠋ᠲ ᠪᠠᠶ᠋ᠢᠬᠤ ᠪᠣᠶ? ᠡᠳᠡᠭᠡᠷ ᠡᠯᠧᠮᠧᠨ᠋ᠲ᠎ᠨᠢ ᠶᠠᠮᠠᠷ ᠠᠭᠤᠯᠭ᠎ᠠ᠎ᠲᠠᠢ ᠪᠤᠢ?
ᠬᠠᠷᠢᠭᠤᠯᠲᠠ᠄ ᠭᠠᠮᠰᠢᠭ᠎ᠢ ᠰᠡᠷᠭᠡᠶ᠋ᠢᠯᠡᠵᠤ ᠭᠠᠮᠰᠢᠭ᠎ᠢ ᠪᠠᠭ᠋ᠠᠰᠬᠠᠬᠤ ᠡᠳᠦᠷ᠎ᠤᠨ ᠵᠢᠷᠤᠭᠳᠤ ᠲᠡᠮᠳᠡᠭ᠎ᠨᠢ ᠰᠣᠯᠣᠩᠭ᠎ᠠ᠂ ᠰᠢᠬᠦᠷ᠂ ᠬᠥᠮᠦᠨ ᠵᠶ᠋ᠠᠷ ᠦᠨᠳᠦᠰᠦᠨ ᠡᠯᠧᠮᠧᠨ᠋ᠲ ᠪᠤᠯᠭ᠋ᠠᠵᠤ᠂ ᠪᠣᠷᠣᠭ᠋ᠠᠨ᠎ᠤ ᠲᠠᠷᠠᠭ᠋ᠠᠬᠢ ᠰᠣᠯᠣᠩᠭ᠎ᠠ᠎ᠨᠢ ᠰᠠᠢ᠍ᠢ᠍ᠨ ᠰᠠᠶ᠋ᠢᠬᠠᠨ᠂ ᠢᠷᠡᠭᠡᠳᠦᠢ ᠪᠠ ᠬᠦᠰᠡᠯ ᠡᠷᠡᠮᠡᠯᠵᠡᠯ᠎ᠢ ᠪᠡᠯᠭᠡᠳᠡᠵᠦ᠂ ᠰᠢᠬᠦᠷ᠎ᠤᠨ ᠨᠤᠮᠤᠯᠵᠢᠨ ᠬᠡᠯᠪᠡᠷᠢ ᠳᠦᠷᠰᠦ᠎ᠨᠢ ᠬᠠᠮᠠᠭ᠋ᠠᠯᠠᠬᠤ᠂ ᠬᠠᠶ᠋ᠢᠷᠠᠯᠠᠨ ᠬᠠᠮᠠᠭ᠋ᠠᠯᠠᠬᠤ ᠰᠠᠨᠠᠭ᠎ᠠ ᠵᠢ ᠲᠥᠯᠥᠭᠡᠯᠡᠵᠦ᠂ ᠬᠣᠶᠠᠷ ᠬᠥᠮᠦᠨ᠎ᠨᠢ ᠨᠢᠭᠡ ᠡᠷᠡᠭᠲᠡᠢ ᠨᠢᠭᠡ ᠡᠮᠡᠭᠲᠡᠢ᠂ ᠨᠢᠭᠡ ᠬᠥᠭᠰᠢᠨ ᠨᠢᠭᠡ ᠬᠡᠦᠭᠡᠳ᠎ᠢ ᠲᠥᠯᠥᠭᠡᠯᠡᠵᠦ᠂ ᠬᠣᠶᠠᠷ ᠬᠥᠮᠦᠨ᠎ᠤ ᠬᠤᠯᠪᠤᠭᠰᠠᠨ ᠭᠠᠷ ᠪᠠ ᠳᠣᠣᠷᠠᠬᠢ ᠬᠣᠶᠠᠷ ᠬᠥᠮᠦᠨ᠎ᠤ ᠬᠦᠯ᠎ᠲᠠᠢ ᠬᠠᠮᠲᠤ᠎ᠪᠠᠷ 《ᠤᠯᠠᠨ》 ᠭᠡᠬᠦ ᠦᠰᠦᠭ᠎ᠢ ᠪᠦᠳᠦᠭᠡᠵᠦ᠂ ᠤᠯᠠᠨ ᠵᠶ᠋ᠠᠷ ᠵᠶ᠋ᠠᠨ ᠭᠠᠷ ᠬᠣᠯᠪᠣᠯᠴᠠᠨ ᠬᠦᠴᠦ᠎ᠪᠠᠨ ᠬᠠᠮᠲᠤᠳᠬᠠᠵᠤ᠂ ᠬᠠᠮᠲᠤ᠎ᠪᠠᠷ ᠭᠠᠮᠰᠢᠭ᠎ᠢ ᠰᠡᠷᠭᠡᠶ᠋ᠢᠯᠡᠵᠤ ᠭᠠᠮᠰᠢᠭ᠎ᠢ ᠪᠠᠭ᠋ᠠᠰᠬᠠᠬᠤ ᠵᠢ ᠪᠡᠯᠭᠡᠳᠡᠵᠤ ᠪᠤᠢ᠃
ᠪᠠᠶ᠋ᠢᠭ᠋ᠠᠯᠢ ᠵᠢᠨ ᠭᠠᠮᠰᠢᠭ᠎ᠲᠤ ᠶᠠᠮᠠᠷ ᠶᠠᠮᠠᠷ ᠲᠥᠷᠥᠯ ᠵᠦᠢ᠍ᠯ ᠪᠠᠶ᠋ᠢᠳᠠᠭ ᠪᠣᠶ?
ᠬᠠᠷᠢᠭᠤᠯᠲᠠ᠄ ᠶᠢᠰᠦᠨ ᠶᠡᠬᠡ ᠲᠦᠷᠦᠯ ᠪᠤᠢ᠂ ᠴᠠᠭ ᠠᠭᠤᠷ᠎ᠤᠨ ᠭᠠᠮᠰᠢᠭ᠂ ᠳᠠᠯᠠᠢ ᠲᠠᠩᠭᠢᠰ᠎ᠤᠨ ᠭᠠᠮᠰᠢᠭ᠂ ᠦᠶᠡᠷ᠎ᠤᠨ ᠭᠠᠮᠰᠢᠭ᠂ ᠭᠠᠵᠠᠷ ᠰᠢᠨᠵᠢᠯᠡᠭᠡᠨ᠎ᠤ ᠭᠠᠮᠰᠢᠭ᠂ ᠭᠠᠵᠠᠷ ᠬᠥᠳᠡᠯᠦᠯᠲᠡ ᠵᠢᠨ ᠭᠠᠮᠰᠢᠭ᠂ ᠲᠠᠷᠢᠮᠠᠯ᠎ᠤᠨ ᠠᠮᠢᠳᠤ ᠪᠣᠳᠠᠰ᠎ᠤᠨ ᠭᠠᠮᠰᠢᠭ᠂ ᠤᠢ ᠰᠢᠭᠤᠢ ᠵᠢᠨ ᠠᠮᠢᠳᠤ ᠪᠣᠳᠠᠰ᠎ᠤᠨ ᠭᠠᠮᠰᠢᠭ᠂ ᠤᠳᠤᠨ ᠣᠷᠣᠨ᠎ᠤ ᠭᠠᠮᠰᠢᠭ ᠪᠠ ᠪᠤᠰᠤᠳ ᠭᠠᠮᠰᠢᠭ᠃
ᠭᠠᠯ᠎ᠤᠨ ᠠᠶᠤᠯ᠎ᠤᠨ ᠬᠡᠰᠡᠭ
ᠴᠠᠬᠢᠯᠭ᠋ᠠᠨ ᠬᠡᠷᠡᠭᠰᠡᠯ᠎ᠤᠨ ᠭᠠᠯ ᠭᠠᠷᠬᠤ ᠭᠣᠣᠯ ᠰᠢᠯᠲᠠᠭ᠋ᠠᠨ᠎ᠨᠢ ᠶᠠᠮᠠᠷ ᠬᠡᠳᠦᠨ ᠵᠦᠢ᠍ᠯ ᠪᠠᠶ᠋ᠢᠬᠤ ᠪᠤᠢ?
ᠬᠠᠷᠢᠭᠤᠯᠲᠠ᠄ ᠴᠠᠬᠢᠯᠭ᠋ᠠᠨ ᠭᠣᠭᠣᠵᠢᠬᠤ᠂ ᠳᠥᠲᠡᠯᠡᠯ᠂ ᠬᠡᠲᠦ ᠳᠠᠭ᠋ᠠᠭ᠋ᠠᠴᠠ᠂ ᠬᠦᠷᠦᠯᠴᠡᠯ ᠴᠠᠬᠢᠯᠭ᠋ᠠᠨ ᠡᠰᠡᠷᠭᠦᠴᠡᠯ ᠬᠡᠳᠤ ᠶᠡᠬᠡ᠃
ᠦᠷᠭᠦᠯᠵᠢ ᠬᠠᠷᠠᠭᠳᠠᠳᠠᠭ ᠭᠠᠯ ᠤᠨᠲᠠᠷᠠᠭ᠋ᠠᠭᠤᠷ ᠶᠠᠮᠠᠷ ᠬᠡᠳᠦᠨ ᠵᠦᠢ᠍ᠯ ᠪᠠᠢ᠍ᠶᠬᠤ ᠪᠤᠢ?
ᠬᠠᠷᠢᠭᠤᠯᠲᠠ᠄ ᠬᠠᠭᠤᠷᠠᠢ ᠨᠤᠨᠲᠠᠭ᠎ᠤᠨ ᠭᠠᠯ ᠤᠨᠲᠠᠷᠠᠭ᠋ᠠᠭᠤᠷ᠂ ᠨᠡᠭᠦᠷᠡᠰᠦᠲᠥ᠋ᠷᠥᠭᠴᠢ ᠵᠢᠨ ᠳᠠᠪᠬᠤᠷ ᠢᠰᠦᠯ᠎ᠤᠨ ᠭᠠᠯ ᠤᠨᠲᠠᠷᠠᠭ᠋ᠠᠭᠤᠷ᠂ 1211 ᠭᠠᠯ ᠤᠨᠲᠠᠷᠠᠭ᠋ᠠᠭᠤᠷ᠂ ᠬᠥᠭᠡᠰᠦ᠎ᠲᠦ ᠭᠠᠯ ᠤᠨᠲᠠᠷᠠᠭ᠋ᠠᠭᠤᠷ᠃
ᠬᠡᠷ ᠪᠦᠯᠢ ᠵᠢᠨ ᠠᠮᠢᠳᠤᠷᠠᠯ ᠳᠤᠮᠳᠠ ᠭᠠᠯ᠎ᠤᠨ ᠠᠶᠤᠯ ᠡᠭᠦᠰᠭᠡᠬᠦ ᠬᠦᠴᠦᠨ ᠵᠦᠢ᠍ᠯ ᠶᠠᠭᠤ ᠶᠠᠭᠤ ᠪᠠᠶ᠋ᠢᠳᠠᠭ ᠪᠣᠶ?
ᠬᠠᠷᠢᠭᠤᠯᠲᠠ᠄ ᠲᠠᠮᠠᠬᠢ ᠲᠠᠲᠠᠬᠤ᠂ ᠪᠣᠯᠭᠣᠮᠵᠢ ᠦᠭᠡᠢ ᠴᠠᠬᠢᠯᠭ᠋ᠠᠨ ᠬᠡᠷᠡᠭᠯᠡᠬᠦ᠂ ᠭᠠᠯ ᠬᠡᠷᠡᠭᠯᠡᠬᠦ᠎ᠳᠤ ᠪᠣᠯᠭᠣᠮᠵᠢ ᠦᠭᠡᠢ᠂ ᠬᠡᠦᠬᠡᠳ ᠭᠠᠯ ᠵᠶ᠋ᠠᠷ ᠨᠠᠭ᠋ᠠᠳᠬᠤ᠂ ᠬᠤᠸᠠᠷ ᠫᠤᠤᠵᠢᠩ ᠲᠠᠯᠪᠢᠬᠤ᠂ ᠲᠠᠬᠢᠯᠭ᠎ᠠ ᠬᠢᠬᠦ᠂ ᠴᠠᠬᠢᠯᠭ᠋ᠠᠨ ᠬᠡᠷᠡᠭᠰᠡᠯ᠎ᠤᠨ ᠬᠡᠯᠬᠢᠶ᠎ᠠ ᠵᠢᠨ ᠲᠦᠷᠪᠡᠯᠳᠡ᠃
ᠭᠠᠯ᠎ᠤᠨ ᠠᠶᠤᠯ ᠡᠬᠦᠰᠪᠡᠯ ᠶᠠᠭ᠋ᠠᠬᠢᠪᠠᠯ ᠵᠣᠬᠢᠬᠤ ᠪᠤᠢ?
ᠬᠠᠷᠢᠭᠤᠯᠲᠠ᠄ ᠬᠡᠷᠪᠡ ᠪᠢᠲᠡᠭᠦᠮᠵᠢᠯᠡᠭᠰᠡᠨ ᠭᠡᠷ ᠳᠣᠲᠣᠷ᠎ᠠ ᠭᠠᠯ᠎ᠤᠨ ᠠᠶᠤᠯ ᠡᠬᠦᠰᠪᠡᠯ ᠭᠠᠯ ᠤᠨᠲᠠᠷᠠᠭ᠋ᠠᠬᠤ ᠪᠠᠭ᠋ᠠᠵᠢ ᠬᠡᠷᠡᠭᠰᠡᠯ᠎ᠢ ᠪᠦᠷᠢᠨ ᠬᠦᠢ᠍ᠴᠡᠳ ᠪᠡᠯᠡᠳᠬᠡᠬᠦ᠎ᠠᠴᠠ ᠡᠮᠦᠨ᠎ᠡ ᠡᠭᠦᠳᠡ ᠴᠣᠩᠬᠣ ᠵᠢ᠎ᠨᠢ ᠨᠡᠭᠡᠭᠡᠵᠦ ᠣᠷᠣᠵᠤ ᠪᠣᠯᠬᠤ ᠦᠭᠡᠢ᠃ ᠪᠠᠴᠢᠮᠲᠠᠵᠤ ᠰᠠᠨᠲᠤᠷᠬᠤ ᠦᠭᠡᠢ ᠲᠠᠶ᠋ᠢᠪᠤᠭᠤ ᠲᠤᠬᠲᠠᠭᠤᠨ ᠪᠠᠶ᠋ᠢᠵᠤ᠂ 119 ᠤᠲᠠᠰᠤ ᠵᠢ ᠤᠲᠠᠰᠤᠲᠠᠵᠤ᠂ ᠤᠷᠤᠨ ᠪᠠᠢ᠍ᠢ᠍ᠷᠢ᠂ ᠭᠠᠯ᠎ᠤᠨ ᠪᠠᠶ᠋ᠢᠳᠠᠯ᠂ ᠭᠠᠯ ᠭᠠᠷᠤᠭᠰᠠᠨ ᠰᠢᠯᠲᠠᠭ᠋ᠠᠨ᠂ ᠲᠦᠭᠰᠢᠭᠦᠷᠢ ᠮᠡᠳᠡᠭᠦᠯᠦᠭᠴᠢ ᠵᠢᠨ ᠣᠪᠣᠭ ᠨᠡᠷ᠎ᠡ ᠪᠠ ᠤᠲᠠᠰᠤᠨ ᠨᠣᠮᠧᠷ ᠵᠶ᠋ᠠᠨ ᠲᠣᠳᠣᠷᠬᠠᠶ ᠶᠠᠷᠢᠨ᠎ᠠ; ᠲᠦᠭᠰᠢᠭᠦᠷᠢ ᠵᠢ ᠮᠡᠳᠡᠭᠦᠯᠦᠭᠰᠡᠨ᠎ᠤ ᠬᠤᠢ᠍ᠢ᠍ᠨ᠎ᠠ ᠬᠥᠮᠦᠨ ᠲᠣᠮᠢᠯᠠᠨ ᠵᠠᠮ᠎ᠤᠨ ᠠᠭᠤᠯᠵᠠᠷ᠎ᠲᠤ ᠭᠠᠯ ᠤᠨᠲᠠᠷᠠᠭ᠋ᠠᠬᠤ ᠲᠡᠷᠭᠡ ᠬᠦᠷᠴᠦ ᠢᠷᠡᠬᠦ ᠵᠢ ᠬᠦᠯᠢᠶᠡᠨ᠎ᠡ᠃
ᠭᠠᠯ᠎ᠤᠨ ᠠᠶᠤᠯ ᠡᠬᠦᠰᠬᠦ ᠣᠢ᠍ᠶ᠎ᠠ᠎ᠳᠤ ᠪᠢᠳᠡ ᠬᠡᠷᠬᠢᠨ ᠰᠡᠷᠭᠡᠶ᠋ᠢᠯᠡᠨ ᠬᠠᠮᠠᠭ᠋ᠠᠯᠠᠬᠤ ᠪᠤᠢ? (ᠭᠠᠮᠰᠢᠭ᠎ᠠᠴᠠ ᠵᠠᠶ᠋ᠢᠯᠠᠬᠤ ᠠᠮᠠᠨ ᠤᠩᠰᠢᠯᠭ᠎ᠠ)
ᠬᠠᠷᠢᠭᠤᠯᠲᠠ᠄ ᠭᠠᠯ᠎ᠤᠨ ᠠᠶᠤᠯ ᠡᠭᠦᠰᠪᠡᠯ ᠤᠲᠤᠭ᠋ᠠᠨᠳᠤ ᠬᠠᠬᠠᠬᠤᠠᠴᠠ ᠰᠡᠷᠭᠡᠢ᠍ᠢ᠍ᠯᠡᠨ ᠬᠠᠮᠠᠷ ᠠᠮᠠ᠎ᠪᠠᠨ ᠨᠣᠶ᠋ᠢᠲᠠᠨ ᠠᠯᠴᠢᠭᠤᠷ ᠵᠶ᠋ᠠᠷ ᠪᠥᠭᠯᠡᠵᠦ᠂ ᠨᠢᠷᠤᠭᠤ ᠪᠥᠬᠥᠶ᠋ᠢᠨ ᠪᠤᠰᠢᠭᠤ ᠲᠦᠷᠭᠡᠨ ᠠᠶᠤᠯ᠎ᠠᠴᠠ ᠵᠠᠶ᠋ᠢᠯᠠᠨᠠ; ᠪᠡᠶ᠎ᠡ ᠳᠡᠭᠡᠷ᠎ᠡ ᠭᠠᠯ ᠵᠤᠯᠭ᠋ᠠᠬᠰᠠᠨ ᠪᠠᠢ᠍ᠢ᠍ᠪᠠᠯ ᠭᠠᠵᠠᠷ ᠳᠡᠭᠡᠷ᠎ᠡ ᠥᠩᠬᠥᠷᠢᠳᠦᠵᠦ ᠭᠠᠯ᠎ᠢ ᠤᠨᠲᠠᠷᠠᠭ᠋ᠠᠨᠠ; ᠴᠠᠬᠢᠯᠭ᠋ᠠᠨ ᠱᠠᠲᠤᠨ᠎ᠳᠤ ᠰᠠᠭᠤᠬᠤ ᠦᠬᠡᠢ ᠠᠰᠠᠷ᠎ᠤᠨ ᠱᠠᠲᠤ᠎ᠪᠠᠷ ᠶᠠᠪᠤᠵᠦ ᠰᠣᠬᠣᠷ ᠪᠠᠯᠠᠢ᠎ᠪᠠᠷ ᠠᠰᠡᠷ ᠬᠠᠷᠠᠢ᠍ᠢ᠍ᠵᠤ ᠪᠤᠯᠬᠤ ᠦᠭᠡᠢ᠃
ᠰᠢᠲᠠᠮᠠᠬᠠᠶ ᠬᠡᠢ ᠵᠢᠨ ᠵᠤᠤᠬ᠎ᠠ᠎ᠠᠴᠠ ᠭᠠᠯ ᠲᠦᠷᠡᠯᠵᠡᠬᠦ ᠦᠶᠡᠰ ᠬᠡᠷᠬᠢᠪᠡᠯ ᠵᠤᠬᠢᠬᠤ ᠪᠤᠢ?
ᠬᠠᠷᠢᠭᠤᠯᠲᠠ᠄ ᠰᠢᠲᠠᠮᠠᠬᠠᠢ ᠬᠡᠢ ᠵᠢᠨ ᠵᠤᠤᠬ᠎ᠠ᠎ᠠᠴᠠ ᠭᠠᠯ ᠲᠦᠷᠡᠯᠵᠡᠬᠦ ᠦᠶᠡᠰ᠂ ᠬᠡᠷᠪᠡ ᠰᠢᠩᠭᠡᠨᠵᠢᠮᠡᠯ ᠬᠡᠢ ᠵᠢ ᠬᠡᠷᠡᠭᠯᠡᠵᠦ ᠪᠠᠶ᠋ᠢᠬᠰᠠᠨ ᠪᠤᠯ ᠠᠯᠴᠢᠭᠤᠷ᠂ ᠵᠦᠯᠭᠦᠭᠦᠷ ᠵᠡᠷᠭᠡ᠎ᠪᠠᠷ ᠬᠡᠢ ᠵᠢᠨ ᠴᠤᠷᠭᠤ ᠵᠢᠨ ᠠᠮᠠᠰᠠᠷ᠎ᠢ ᠪᠦᠲᠡᠭᠡᠵᠦ᠂ ᠨᠤᠢ᠍ᠢ᠍ᠲᠠᠨ ᠲᠡᠪᠡᠯ ᠬᠤᠪᠴᠠᠰᠤ ᠪᠤᠶᠤ ᠨᠤᠢ᠍ᠢ᠍ᠲᠠᠨ ᠬᠥᠪᠥᠩ ᠬᠥᠨᠵᠢᠯᠡ᠎ᠪᠠᠷ ᠭᠠᠯ᠎ᠢ ᠳᠠᠷᠤᠵᠤ᠂ ᠶᠡᠷᠦᠩᠬᠡᠢ ᠨᠡᠭᠡᠯᠡᠬᠡᠢ ᠵᠢ ᠲᠦᠷᠭᠡᠨ ᠬᠠᠭ᠋ᠠᠵᠤ ᠤᠨᠲᠠᠷᠠᠭ᠋ᠠᠨᠠ᠃ ᠬᠡᠷᠪᠡ ᠬᠣᠭᠣᠯᠠᠶ᠎ᠪᠠᠷ ᠳᠠᠮᠵᠢᠭᠤᠯᠬᠤ ᠰᠢᠲᠠᠮᠠᠬᠠᠶ ᠬᠡᠢ ᠵᠢ ᠬᠡᠷᠡᠭᠯᠡᠵᠦ ᠪᠠᠢ᠍ᠢ᠍ᠬᠰᠠᠨ ᠪᠣᠯ ᠪᠠᠰᠠ ᠨᠡᠭᠡᠯᠡᠬᠡᠶ ᠵᠢ ᠬᠠᠭ᠋ᠠᠬᠤ ᠪᠤᠶᠤ ᠭᠠᠯ ᠤᠨᠲᠠᠷᠠᠭ᠋ᠠᠬᠤ ᠬᠣᠶᠠᠷ ᠵᠠᠩᠭᠢᠯᠠᠭ᠎ᠠ ᠵᠢᠨ ᠭᠤᠬ᠍ᠴᠤᠭ᠎ᠠ ᠵᠢ ᠠᠳᠬᠤᠵᠤ᠂ ᠭᠠᠯ᠎ᠤᠨ ᠪᠠᠢ᠍ᠢ᠍ᠳᠠᠯ ᠶᠡᠭᠡᠰᠭᠦ ᠵᠢ ᠲᠠᠷᠤᠢ ᠲᠦᠷᠭᠡᠨ ᠬᠤᠷᠢᠬᠯᠠᠨ᠎ᠠ᠃
ᠭᠡᠷ᠎ᠤᠨ ᠴᠠᠬᠢᠯᠭ᠋ᠠᠨ ᠬᠡᠷᠡᠭᠰᠡᠯ᠎ᠤᠨ ᠭᠠᠯ᠎ᠤᠨ ᠠᠶᠤᠯ᠎ᠢ ᠤᠨᠲᠠᠷᠠᠭ᠋ᠠᠬᠤ ᠠᠷᠭ᠎ᠠ᠎ᠨᠢ ᠶᠠᠮᠠᠷ ᠪᠤᠢ?
ᠬᠠᠷᠢᠭᠤᠯᠲᠠ᠄ ᠬᠡᠷᠪᠡ ᠴᠠᠬᠢᠯᠭ᠋ᠠᠨ ᠬᠡᠷᠡᠭᠰᠡᠯ᠎ᠤᠨ ᠴᠠᠬᠢᠯᠭ᠋ᠠᠨ ᠤᠲᠠᠰᠤ᠎ᠨᠢ ᠴᠠᠬᠢᠯᠭ᠋ᠠᠨᠵᠢᠬᠰᠠᠨ ᠪᠤᠯ ᠳᠣᠣᠷ᠎ᠠ᠎ᠨᠢ ᠬᠠᠭ᠋ᠠᠵᠤ ᠤᠨᠲᠠᠷᠠᠭ᠋ᠠᠨᠠ᠂ ᠲᠠᠷᠤᠢ ᠴᠠᠬᠢᠯᠭ᠋ᠠᠨ ᠡᠭᠦᠰᠭᠡᠭᠴᠢ ᠵᠢᠨ ᠤᠭᠯᠠᠭᠤᠷᠢ ᠰᠤᠭᠤᠯᠬᠤ ᠪᠤᠶᠤ ᠶᠡᠷᠦᠩᠬᠡᠢ ᠬᠠᠭ᠋ᠠᠯᠲᠠ ᠵᠢ᠎ᠨᠢ ᠬᠠᠭ᠋ᠠᠨ᠎ᠠ; ᠬᠡᠷᠪᠡ ᠳᠠᠮᠵᠢᠭᠤᠯᠬᠤ ᠤᠲᠠᠰᠤᠨ᠎ᠤ ᠬᠥᠨᠳᠡᠶ᠋ᠢᠷᠡᠭᠦᠯᠦᠭᠴᠢ ᠪᠠ ᠴᠠᠬᠢᠯᠭ᠋ᠠᠨ ᠤᠲᠠᠰᠤᠨ᠎ᠤ ᠭᠠᠳᠠᠷ ᠬᠠᠯᠢᠰᠤ ᠵᠡᠷᠭᠡ᠎ᠨᠢ ᠰᠢᠲᠠᠵᠤ ᠭᠠᠯ ᠭᠠᠷᠤᠭᠰᠠᠨ ᠪᠠᠶ᠋ᠢᠪᠠᠯ ᠨᠣᠶ᠋ᠢᠲᠠᠨ ᠠᠯᠴᠢᠭᠤᠷ ᠮᠡᠲᠦ ᠵᠢᠨ ᠵᠦᠢ᠍ᠯᠡᠰ ᠵᠶ᠋ᠠᠷ ᠪᠢᠲᠡᠭᠦᠮᠵᠢᠯᠡᠵᠦ ᠤᠨᠲᠠᠷᠠᠭ᠋ᠠᠨᠠ; ᠤᠰᠦ᠎ᠪᠠᠷ ᠭᠠᠯ ᠤᠨᠲᠠᠷᠠᠭ᠋ᠠᠵᠦ ᠪᠣᠯᠬᠤ ᠥᠬᠡᠢ; ᠴᠠᠬᠢᠯᠭ᠋ᠠᠨ ᠬᠡᠷᠡᠭᠰᠡᠯ ᠵᠶ᠋ᠠᠨ ᠵᠠᠰᠠᠵᠤ ᠰᠡᠯᠪᠢᠭᠰᠡᠨ ᠦᠭᠡᠢ ᠪᠤᠯ᠂ ᠴᠠᠬᠢᠯᠭ᠋ᠠᠨ ᠡᠭᠦᠰᠭᠡᠭᠴᠢ᠎ᠲᠠᠢ ᠵᠠᠯᠭ᠋ᠠᠵᠤ ᠬᠡᠷᠡᠭᠯᠡᠵᠦ ᠪᠣᠯᠬᠤ ᠦᠭᠡᠢ᠂ ᠴᠠᠬᠢᠯᠭ᠋ᠠᠨ᠎ᠳᠤ ᠴᠣᠬᠢᠭᠳᠠᠬᠤ ᠪᠤᠶᠤ ᠭᠠᠯ᠎ᠤᠨ ᠠᠶᠤᠯ ᠭᠠᠷᠬᠤ᠎ᠠᠴᠠ ᠰᠡᠷᠭᠡᠢ᠍ᠢ᠍ᠯᠡᠬᠦ ᠬᠡᠷᠡᠭᠲᠡᠶ᠃
ᠭᠠᠯ᠎ᠤᠨ ᠠᠶᠤᠯ ᠡᠬᠦᠰᠦᠭᠰᠡᠨ ᠦᠶᠡᠰ ᠴᠠᠬᠢᠯᠭ᠋ᠠᠨ ᠱᠠᠲᠤᠨ᠎ᠳᠤ ᠰᠠᠭᠤᠵᠤ ᠠᠮᠢ ᠵᠢᠭᠤᠲᠠᠵᠤ ᠪᠣᠯᠬᠤ ᠤᠤ? ᠶᠠᠭ᠋ᠠᠬᠢᠭ᠋ᠠᠳ ᠪᠤᠢ?
ᠬᠠᠷᠢᠭᠤᠯᠲᠠ᠄ ᠪᠣᠯᠬᠤ ᠦᠭᠡᠢ᠃ ᠭᠠᠯ᠎ᠤᠨ ᠠᠶᠤᠯ ᠡᠬᠦᠰᠦᠭᠰᠡᠨ ᠦᠶᠡᠰ ᠴᠠᠬᠢᠯᠭ᠋ᠠᠨ ᠱᠠᠲᠤᠨ᠎ᠳᠤ ᠰᠠᠭᠤᠵᠤ ᠪᠣᠯᠬᠤ ᠦᠭᠡᠢ ᠰᠢᠯᠲᠠᠭ᠋ᠠᠨ᠄ ᠨᠢᠭᠡ᠎ᠳᠤ ᠭᠠᠯ᠎ᠤᠨ ᠠᠶᠤᠯ ᠡᠬᠦᠰᠦᠭᠰᠡᠨ᠎ᠤ ᠳᠠᠷᠠᠭ᠎ᠠ᠂ ᠴᠠᠬᠢᠯᠭ᠋ᠠᠨ ᠲᠠᠰᠤᠷᠠᠬᠤ ᠪᠤᠯᠤᠮᠵᠢ ᠶᠡᠭᠡ ᠤᠴᠢᠷ᠎ᠠᠴᠠ ᠴᠠᠬᠢᠯᠭ᠋ᠠᠨ ᠱᠠᠲᠤᠨ᠎ᠳᠤ ᠬᠤᠷᠢᠬᠲᠠᠵᠤ᠂ ᠠᠪᠤᠷᠡᠨ ᠲᠤᠰᠠᠯᠠᠬᠤ᠋ ᠠᠵᠢᠯ᠎ᠳᠤ ᠤᠯᠠᠮ ᠬᠦᠴᠢᠷ ᠰᠠᠭ᠋ᠠᠳ ᠤᠴᠠᠷᠠᠭᠤᠯᠵᠤ᠂ ᠬᠦᠮᠦᠰ᠎ᠢ ᠴᠠᠭ ᠲᠤᠬᠠᠢᠳᠤᠨᠢ ᠲᠠᠷᠬᠠᠭ᠋ᠠᠬᠤ ᠵᠢ ᠨᠦᠯᠦᠭᠡᠯᠡᠳᠡᠭ᠃ ᠬᠤᠶᠡᠷ᠎ᠲᠤ ᠴᠠᠬᠢᠯᠭ᠋ᠠᠨ ᠱᠠᠳᠦ᠎ᠨᠢ ᠠᠰᠡᠷ᠎ᠤᠨ ᠡᠯ᠎ᠠ ᠲᠡᠰ ᠲᠠᠪᠬᠤᠷᠭ᠎ᠠ᠎ᠳᠤ ᠨᠡᠪᠲᠡᠷᠡᠵᠦ ᠪᠠᠢ᠍ᠢ᠍ᠬᠤ ᠤᠴᠢᠷ᠎ᠠᠴᠠ ᠭᠠᠯ᠎ᠤᠨ ᠠᠶᠤᠯ ᠭᠠᠷᠪᠠᠯ ᠲᠤᠬᠠᠢ ᠵᠢᠨ ᠲᠠᠯᠠᠪᠠᠢ ᠵᠢᠨ ᠤᠳᠤᠭ᠎ᠠ ᠤᠨᠢᠶᠠᠷ᠎ᠨᠢ ᠴᠠᠬᠢᠯᠭ᠋ᠠᠨ ᠱᠠᠳᠤ᠎ᠪᠠᠷ ᠰᠢᠭᠤᠳ ᠨᠡᠪᠲᠡᠷᠡᠵᠦ ᠤᠷᠤᠵᠤ ᠢᠷᠡᠭᠡᠳ ᠴᠠᠬᠢᠯᠭ᠋ᠠᠨ ᠱᠠᠳᠤᠨ ᠲᠤᠳᠤᠷ᠎ᠠ 《ᠬᠤᠯᠡᠩᠤᠨ ᠪᠤᠬᠢᠷᠲᠤᠯ》 ᠡᠭᠦᠰᠭᠡᠵᠦ᠂ ᠬᠦᠮᠦᠰ ᠤᠲᠤᠬᠲᠠᠵᠤ ᠦᠬᠦᠵᠦ ᠮᠡᠲᠡᠨ᠎ᠡ᠃