ᠨᠤᠳᠤᠭ ᠪᠡᠯᠴᠢᠭᠡᠷ᠎ᠨᠢ ᠡᠯᠡᠰᠦᠷᠭᠡᠭᠵᠢᠭᠰᠡᠨ ᠭᠠᠵᠠᠷ ᠰᠢᠷᠤᠢ ᠪᠠ ᠨᠡᠭᠦᠳᠡᠯ ᠡᠯᠡᠰᠤ᠎ᠲᠠᠢ ᠪᠤᠯᠬᠤ ᠦᠶᠡᠰ ᠰᠠᠯᠭᠢᠨ᠎ᠤ ᠢᠳᠡᠭᠳᠡᠯ᠂ ᠠᠭᠤᠷ ᠠᠮᠢᠰᠬᠤᠯ᠎ᠤᠨ ᠭᠠᠩ ᠬᠠᠭᠤᠷᠠᠢ᠎ᠠᠴᠠ ᠪᠤᠯᠤᠭ᠋ᠠᠳ ᠠᠮᠢ ᠠᠬᠤᠢ ᠵᠢᠨ ᠰᠢᠰᠲ᠋ᠧᠮ᠎ᠤᠨ ᠪᠤᠳᠠᠰ᠎ᠤᠨ ᠤᠷᠴᠢᠯ᠎ᠳᠤ ᠤᠷᠤᠯᠴᠠᠬᠤ ᠤᠷᠭ᠋ᠠᠨᠢᠭ ᠡᠳ᠋ ᠵᠢᠴᠢ ᠰᠢᠮ᠎ᠠ ᠲᠡᠵᠢᠭᠡᠯ᠎ᠤᠨ ᠡᠯᠧᠮᠧᠨ᠋ᠲ᠎ᠨᠢ ᠠᠷᠢᠯᠵᠤ᠂ ᠲᠤᠰ ᠰᠢᠰᠲ᠋ᠧᠮ᠎ᠤᠨ ᠪᠦᠳᠦᠴᠡ ᠪᠤᠯᠤᠨ ᠴᠢᠳᠠᠪᠤᠷᠢ᠎ᠨᠢ ᠪᠦᠷᠢᠮᠦᠰᠤᠨ ᠰᠦᠢ᠍ᠷᠡᠳᠡᠭ ᠪᠠᠶ᠋ᠢᠨ᠎ᠠ᠃ ᠡᠶ᠋ᠢᠮᠤ᠎ᠠᠴᠠ ᠡᠨᠡ ᠦᠶ᠎ᠠ᠎ᠳᠤ ᠢᠨᠵᠧᠨᠧᠷᠢᠩ᠎ᠤᠨ ᠠᠷᠭ᠎ᠠ ᠭᠡᠮᠵᠢᠶ᠎ᠠ᠎ᠪᠠᠷ ᠭᠤᠤᠯ ᠪᠤᠯᠭ᠋ᠠᠵᠤ᠂ ᠤᠷᠢᠳ ᠵᠶ᠋ᠠᠷ ᠡᠯᠡᠰᠤ ᠵᠢ ᠲᠤᠠᠠᠳᠠᠪᠤᠷᠢᠵᠢᠭᠤᠯᠤᠨ ᠰᠠᠯᠭᠢᠨ᠎ᠳᠤ ᠢᠳᠡᠭᠳᠡᠭᠦ ᠵᠢ᠎ᠨᠢ ᠪᠠᠭ᠋ᠠᠰᠬᠠᠬᠤ ᠭᠡᠷᠡᠭᠳᠡᠢ᠃ ᠵᠢᠱ᠌ᠢᠶᠡᠯᠡᠪᠡᠯ ᠡᠪᠡᠰᠤ᠎ᠪᠠᠷ ᠰᠡᠷᠭᠡᠶ᠋ᠢᠯᠡᠯᠳᠡ ᠵᠢᠨ ᠲᠤᠤᠷ ᠪᠤᠯᠭ᠋ᠠᠬᠤ ᠪᠠ ᠴᠢᠢ᠍ᠳᠡᠮᠯᠢᠭ ᠪᠠᠷᠤᠠᠠᠰᠢᠨ ᠰᠦᠷᠴᠢᠭᠦ ᠪᠡ ᠡᠭᠦᠨ᠎ᠤ ᠬᠠᠮᠳᠤ ᠰᠢᠷ᠎ᠠ ᠰᠢᠪᠠᠭᠤᠨ ᠲᠦᠷᠦᠯ᠎ᠤᠨ ᠡᠯᠡᠰᠤᠨ ᠤᠷᠭᠤᠮᠠᠯ᠎ᠢ ᠲᠠᠷᠢᠬᠤ ᠭᠡᠷᠡᠭᠳᠡᠢ᠃ ᠲᠡᠭᠦᠨ᠎ᠤ ᠰᠡᠷᠭᠦᠭᠦ ᠴᠠᠭ᠎ᠨᠢ ᠶᠠᠷᠦᠩᠭᠡᠢ᠎ᠳᠡᠭᠡᠨ 10 ᠵᠢᠯ᠎ᠠᠴᠠ ᠲᠡᠭᠡᠭᠰᠢ ᠪᠠᠶ᠋ᠢᠳᠠᠭ᠃ ᠨᠠᠮ ᠭᠠᠵᠠᠷ᠂ ᠤᠰᠤᠨ᠎ᠤ ᠨᠦᠭᠦᠴᠡᠯ ᠵᠶ᠋ᠠᠷ ᠨᠡᠯᠢᠶᠡᠳ ᠰᠠᠶ᠋ᠢᠨ ᠭᠠᠵᠠᠷ᠎ᠲᠤ ᠪᠤᠯ ᠤᠯᠠᠨ ᠨᠠᠰᠤᠳᠤ ᠡᠪᠡᠰᠤ ᠤᠷᠭᠤᠮᠠᠯ ᠲᠠᠷᠢᠵᠤ᠂ ᠪᠤᠷᠴᠠᠭ᠎ᠤᠨ ᠢᠵᠠᠭᠤᠷ᠎ᠤᠨ ᠲᠡᠵᠢᠭᠡᠯ ᠡᠪᠡᠰᠤ ᠵᠢᠱ᠌ᠢᠶᠡᠯᠡᠪᠡᠯ ᠴᠠᠷᠭ᠋ᠠᠰᠤ ᠲᠠᠷᠢᠪᠠᠯ ᠬᠠᠮᠤᠭ᠎ᠤᠨ ᠰᠠᠶ᠋ᠢᠨ᠃ ᠲᠡᠭᠦᠨ᠎ᠤ ᠲᠠᠪᠠᠭᠤᠯᠢᠭ᠎ᠨᠢ ᠭᠡᠪᠡᠯ᠂ ᠵᠢᠯ ᠵᠢᠯ ᠲᠠᠷᠢᠬᠤ ᠴᠢᠬᠤᠯᠠ ᠦᠭᠡᠢ ᠪᠠᠶ᠋ᠢᠳᠠᠭ ᠲᠤᠯᠠ ᠦᠢ᠍ᠯᠡᠳᠪᠤᠷᠢᠯᠡᠯ᠎ᠤᠨ ᠦᠪᠡᠷ᠎ᠤᠨ ᠦᠷᠳᠡᠭ᠎ᠢ ᠪᠠᠭᠤᠷᠠᠭᠤᠯᠤᠨ᠎ᠠ᠃ ᠬᠠᠪᠤᠷ ᠭᠦᠷᠤᠰᠤ ᠰᠢᠷᠤᠢ ᠵᠢᠨ ᠪᠦᠷᠭᠦᠴᠡ ᠵᠢᠨ ᠭᠡᠮᠵᠢᠶ᠎ᠠ ᠵᠢ ᠲᠡᠭᠡᠭᠰᠢᠯᠡᠭᠦᠯᠵᠤ᠂ ᠰᠠᠯᠭᠢᠨ᠎ᠤ ᠢᠳᠡᠭᠳᠡᠯ᠎ᠢ ᠪᠠᠭ᠋ᠠᠰᠬᠠᠨ᠎ᠠ᠂ ᠭᠡᠷ᠎ᠤᠨ ᠲᠡᠵᠢᠭᠡᠪᠤᠷᠢ ᠵᠢᠨ ᠲᠡᠵᠢᠭᠡᠯ ᠡᠪᠡᠰᠤᠨ᠎ᠤ ᠤᠭᠤᠷᠠᠭ᠎ᠤᠨ ᠬᠠᠨᠭ᠌ᠭ᠋ᠠᠯᠭ᠎ᠠ ᠵᠢᠨ ᠭᠡᠮᠵᠢᠶ᠎ᠠ ᠵᠢ ᠲᠡᠭᠡᠭᠰᠢᠯᠡᠭᠦᠯᠦᠨ᠎ᠠ᠂ ᠭᠡᠭᠦ᠎ᠳᠡᠭᠡᠨ ᠶᠠᠭ᠋ᠠᠭᠢᠨ᠋ᠠᠰᠠᠨ ᠴᠤ᠌ ᠰᠤᠬᠤᠷ ᠪᠠᠯᠠᠢ᠎ᠪᠠᠷ ᠠᠳᠠᠷ ᠬᠠᠭ᠋ᠠᠯᠪᠤᠷᠢᠯᠠᠵᠤ ᠪᠤᠯᠬᠤ ᠦᠭᠡᠢ᠃ ᠨᠡᠶ᠋ᠢᠳᠡᠯᠢᠭ ᠲᠠᠯ᠎ᠠ ᠭᠠᠵᠠᠷ᠂ ᠡᠪᠡᠰᠤ ᠲᠠᠷᠢᠬᠤ ᠲᠠᠯᠠᠪᠠᠢ ᠵᠢ ᠪᠠᠶ᠋ᠢᠭ᠋ᠠᠯᠢᠯᠢᠬ ᠪᠡᠯᠴᠢᠭᠡᠷ᠎ᠤᠨ ᠲᠠᠯᠠᠪᠠᠢ ᠵᠢᠨ ᠠᠷᠪᠡᠨᠤ ᠨᠢᠭᠡ ᠵᠢ ᠡᠵᠡᠯᠡᠭᠦᠯᠪᠡᠯ ᠲᠤᠭᠢᠷᠠᠮᠵᠢᠳᠡᠢ᠃ ᠢᠡᠭᠭᠢᠪᠡᠯ ᠪᠠᠶ᠋ᠢᠭ᠋ᠠᠯᠢᠯᠢᠬ ᠪᠡᠯᠴᠢᠭᠡᠷ᠎ᠤᠨ ᠲᠠᠷᠤᠭ᠋ᠠᠰᠤ ᠵᠢ ᠶᠡᠭᠡᠳᠡ ᠨᠠᠮᠳᠠᠭᠤᠯᠬᠤ ᠪᠤᠯᠤᠨ᠎ᠠ᠃ ᠮᠠᠯ ᠲᠠᠷᠢᠶᠠᠯᠠᠩ ᠰᠤᠯᠪᠢᠴᠬᠠᠰᠠᠨ ᠪᠦᠰᠡ ᠵᠡᠷᠭᠡ ᠬᠠᠭ᠋ᠠᠰ ᠴᠢᠭᠢᠭᠯᠢᠭ ᠭᠠᠵᠠᠷ ᠤᠷᠤᠨ᠎ᠳᠤ ᠠᠯᠤᠰ ᠰᠡᠷᠡᠯᠳᠡ ᠵᠢᠨ ᠮᠡᠷᠭᠡᠵᠢᠯ᠂ ᠪᠦᠭᠦ ᠪᠦᠮᠪᠤᠷᠴᠡᠭ᠎ᠤᠨ ᠮᠡᠳᠡᠭᠡ ᠵᠠᠩᠭᠢ ᠵᠢᠨ ᠰᠢᠰᠲ᠋ᠧᠮ ᠪᠤᠯᠤᠨ ᠪᠦᠭᠦ ᠪᠦᠮᠪᠤᠷᠴᠡᠭ᠎ᠤᠨ ᠤᠷᠤᠨ ᠲᠤᠠᠠᠳᠠᠭ᠋ᠠᠬᠤ ᠮᠠᠷᠭᠡᠵᠢᠯᠢ ᠠᠰᠢᠠᠠᠯᠠᠨ ᠲᠠᠷᠢᠶᠠᠨ ᠭᠠᠵᠠᠷ᠎ᠤᠨ ᠪᠠᠶ᠋ᠢᠷᠢᠰᠢᠯ᠎ᠢ ᠲᠦᠯᠦᠪᠵᠢᠭᠦᠯᠵᠤ᠂ ᠲᠠᠷᠢᠶᠠᠨ ᠭᠠᠵᠠᠷ᠎ᠢ ᠨᠤᠳᠤᠭ ᠪᠡᠯᠴᠢᠭᠡᠷ ᠪᠤᠯᠤᠨ ᠬᠠᠮᠠᠭ᠋ᠠᠯᠠᠯᠳᠠ ᠵᠢᠨ ᠤᠢ ᠵᠢᠨ ᠲᠤᠮᠳᠠ ᠪᠠᠶ᠋ᠢᠷᠢᠯᠠᠭᠤᠯᠵᠤ᠂ ᠰᠠᠯᠭᠢᠨ᠎ᠤ ᠬᠤᠷᠳᠤᠴᠠ ᠪᠠ ᠰᠠᠯᠭᠢᠨ᠎ᠤ ᠢᠳᠡᠭᠳᠡᠯ᠎ᠤᠨ ᠭᠦᠴᠦᠯᠠᠴᠠ ᠵᠢ ᠪᠦᠳᠦᠮᠵᠢᠳᠡᠢ᠎ᠪᠠᠷ ᠪᠠᠭᠤᠷᠠᠭᠤᠯᠬᠤ ᠭᠡᠷᠡᠭᠳᠡᠢ᠃ ᠡᠭᠦᠨ᠎ᠤ ᠬᠠᠮᠳᠤ ᠲᠠᠷᠢᠶᠠᠯᠠᠩ᠂ ᠮᠠᠯ ᠠᠵᠤ ᠠᠬᠤᠢ ᠬᠠᠷᠢᠯᠴᠠᠨ ᠨᠦᠭᠦᠪᠤᠷᠢᠯᠡᠵᠤ ᠬᠤᠯᠪᠤᠯᠳᠤᠬᠤ ᠵᠡᠷᠭᠡ ᠠᠮᠢ ᠠᠬᠤᠢ ᠵᠢᠨ ᠴᠢᠳᠠᠪᠤᠷᠢ ᠵᠢ ᠪᠠᠳᠠᠷᠠᠭᠤᠯᠵᠤ᠂ ᠰᠢᠰᠲ᠋ᠧᠮ᠎ᠤᠨ ᠲᠤᠠᠠᠳᠠᠭᠤᠨ ᠴᠢᠨᠠᠷ ᠪᠡ ᠤᠯᠠᠨ ᠶᠠᠩᠵᠤᠳᠤ ᠴᠢᠨᠠᠷ᠎ᠢ ᠨᠡᠮᠡᠭᠳᠡᠭᠦᠯᠭᠦ ᠭᠡᠷᠡᠭᠳᠡᠢ᠃
(ᠢᠷᠡᠯᠲᠡ᠄ ᠪᠦᠷᠢᠨᠪᠠᠶᠠᠷ᠂ ᠮᠦᠩᠬᠡᠪᠠᠭ᠋ᠠᠲᠤᠷ᠂ ᠬᠤᠩ ᠮᠧᠢ ᠨᠠᠷ᠎ᠤᠨ ᠨᠠᠶ᠋ᠢᠷᠠᠭᠤᠯᠤᠭᠰᠠᠨ 《ᠮᠠᠯᠵᠢᠯ᠎ᠤᠨ ᠮᠡᠳᠡᠯᠭᠡ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)