ᠬᠦᠳᠡᠭᠡ᠎ᠳᠤ ᠲᠦᠷᠦᠵᠦ ᠦᠰᠦᠭᠰᠡᠨ ᠬᠦᠮᠦᠰ᠎ᠲᠤ ᠵᠤᠭ᠎ᠠ᠎ᠨᠢ ᠮᠠᠰᠢ ᠳᠠᠨᠢᠯ ᠳᠠᠰᠤᠯ ᠪᠠᠶ᠋ᠢᠬ᠎ᠠ᠃ ᠦᠩᠭᠡᠷᠡᠭᠰᠡᠨ᠎ᠳᠤ ᠬᠦᠮᠦᠰ ᠵᠤᠭ᠎ᠠ ᠵᠢ ᠬᠤᠭᠤᠯᠠᠨ᠎ᠤ ᠤᠷᠤᠨ᠎ᠳᠤ ᠢᠳᠡᠳᠡᠭ ᠪᠠᠶ᠋ᠢᠵᠠᠢ᠂ ᠪᠢᠳᠠᠨ᠎ᠢ ᠪᠠᠭ᠎ᠠ ᠪᠠᠶ᠋ᠢᠬᠤ᠎ᠳᠤ ᠬᠡᠦᠬᠡᠳ᠎ᠤᠳ ᠵᠤᠭ᠎ᠠ ᠢᠳᠡᠵᠦ ᠦᠯᠦ᠎ᠪᠠᠨ ᠳᠠᠷᠤᠳᠠᠭ ᠪᠠᠶ᠋ᠢᠬᠰᠠᠨ ᠶᠤᠮ᠃ ᠵᠤᠭ᠎ᠠ ᠭᠡᠵᠤ ᠪᠢᠯᠢᠭ᠎ᠤᠨ ᠤᠯᠠᠷᠢᠯ᠎ᠤᠨ ᠳᠠᠪᠤᠨ ᠰᠠᠷ᠎ᠠ ᠵᠢᠨ ᠦᠶ᠎ᠡ᠎ᠪᠠᠷ ᠰᠠᠭᠤᠳᠠᠭ ᠬᠠᠶ᠋ᠢᠯᠠᠰᠤᠨ ᠮᠤᠳᠤᠨ᠎ᠤ ᠴᠡᠴᠡᠭ᠎ᠢ ᠬᠡᠯᠡᠵᠦ ᠪᠠᠶ᠋ᠢᠨ᠎ᠠ᠃ ᠲᠡᠭᠦᠨ᠎ᠢ ᠦᠷᠡᠯᠡᠬᠦᠠᠴᠠᠨᠢ ᠡᠮᠦᠨ᠎ᠡ ᠢᠳᠡᠳᠡᠭ᠃
ᠤᠳᠤ ᠠᠮᠢᠳᠤᠷᠠᠯ ᠰᠠᠶ᠋ᠢᠵᠢᠷᠠᠵᠦ ᠮᠢᠬ᠎ᠠ ᠳᠤᠰᠤ ᠡᠯᠪᠡᠭ ᠪᠤᠯᠤᠬᠰᠠᠨ ᠪᠣᠯᠬᠤᠷ ᠵᠤᠭ᠎ᠠ ᠢᠳᠡᠬᠦ ᠬᠥᠮᠥᠨ ᠮᠠᠰᠢ ᠴᠦᠬᠡᠨ ᠪᠣᠯᠵᠤ᠂ ᠲᠡᠷᠡ᠎ᠨᠢ ᠠᠭ᠋ᠠᠵᠢᠮ ᠵᠶ᠋ᠠᠷ ᠬᠦᠮᠦᠰ᠎ᠲᠤ ᠮᠠᠷᠳᠠᠬᠳᠠᠬᠤ ᠪᠤᠯᠵᠦ ᠪᠠᠶ᠋ᠢᠨ᠎ᠠ᠃ ᠭᠡᠬᠦ᠎ᠳᠡᠭᠡᠨ ᠵᠤᠭ᠎ᠠ᠎ᠨᠢ ᠬᠦᠮᠦᠨ᠎ᠤ ᠡᠷᠡᠬᠦᠯ ᠮᠡᠨᠳᠤ᠎ᠳᠤ ᠮᠠᠰᠢ ᠳᠤᠰᠠᠳᠠᠢ ᠪᠠᠶ᠋ᠢᠳᠠᠭ᠃ ᠡᠩ ᠳᠡᠷᠢᠬᠦᠨ᠎ᠳᠤ ᠵᠤᠭ᠎ᠠ᠎ᠨᠢ ᠮᠠᠷᠢᠶ᠎ᠠ ᠵᠢ ᠰᠢᠭᠤᠷᠠᠭᠤᠯᠤᠨ᠎ᠠ᠃ ᠵᠤᠭ᠎ᠠ ᠵᠢᠨ ᠬᠤᠭᠤᠯᠠᠨ ᠰᠢᠷᠬᠡᠭᠯᠢᠭ᠎ᠤᠨ ᠠᠭᠤᠯᠤᠭᠳᠠᠴᠠ ᠮᠠᠰᠢ ᠦᠨᠳᠦᠷ ᠪᠥᠭᠡᠳ ᠳᠡᠬᠦᠨ᠎ᠳᠤ ᠠᠭᠤᠯᠤᠭᠳᠠᠬᠤ ᠨᠠᠪᠴᠢᠨ᠎ᠤ ᠨᠤᠭᠤᠭ᠋ᠠᠨ ᠡᠳ᠋᠎ᠨᠢ ᠰᠢᠨ᠎ᠡ ᠬᠠᠭᠤᠴᠢᠨ᠎ᠤ ᠰᠣᠯᠢᠯᠴᠠᠭ᠎ᠠ ᠲᠦᠷᠭᠡᠳᠬᠡᠬᠦ ᠦᠢ᠍ᠯᠡᠳᠦᠯ᠎ᠲᠠᠢ ᠪᠣᠯᠬᠤᠷ ᠡᠷᠡᠬᠦᠯ ᠮᠡᠨᠳᠤ᠎ᠳᠤ ᠳᠤᠰᠠᠳᠠᠢ ᠪᠠᠶ᠋ᠢᠳᠠᠭ᠃
ᠳᠡᠶ᠋ᠢᠮᠦ᠎ᠠᠴᠠ ᠲᠡᠷᠡ᠎ᠨᠢ ᠮᠠᠷᠢᠶ᠎ᠠ ᠰᠢᠭᠤᠷᠠᠭᠤᠯᠬᠤ ᠪᠦᠳᠦᠬᠦᠯᠢᠭ ᠢᠳᠡᠬᠡᠨ᠎ᠳᠤ ᠳᠤᠭ᠋ᠠᠴᠠᠬᠳᠠᠨᠠ᠃ ᠬᠢᠲᠠᠳ ᠡᠮ᠎ᠤᠨ ᠤᠬᠠᠭ᠋ᠠᠨ᠎ᠳᠤ ᠵᠤᠭ᠎ᠠ ᠵᠢ ᠰᠢᠬᠡᠯᠬᠡᠬᠦ ᠦᠢ᠍ᠯᠡᠳᠦᠯ᠎ᠲᠠᠢ ᠭᠡᠳᠡᠭ᠂ 《ᠡᠪᠡᠰᠦᠨ ᠡᠮ᠎ᠤᠨ ᠳᠤᠪᠴᠢ》᠎ᠳᠤ ᠪᠠᠰᠠ 《ᠵᠤᠭ᠎ᠠ ᠵᠢ ᠤᠳᠠᠭ᠋ᠠᠨ ᠢᠳᠡᠪᠡᠯ ᠪᠡᠶ᠎ᠡ ᠵᠢᠨ ᠵᠢᠩ᠎ᠢ ᠪᠠᠭᠤᠷᠠᠭᠤᠯᠳᠠᠭ》 ᠭᠡᠵᠦ ᠲᠡᠮᠳᠡᠭᠯᠡᠭᠰᠡᠨ ᠪᠠᠶ᠋ᠢᠨ᠎ᠠ᠃ ᠡᠶ᠋ᠢᠮᠦ᠎ᠠᠴᠠ ᠮᠠᠷᠢᠶ᠎ᠠ ᠰᠢᠭᠤᠷᠠᠭᠤᠯᠬᠤ᠎ᠳᠤ ᠵᠤᠭ᠎ᠠ ᠪᠣᠯ ᠰᠠᠶ᠋ᠢᠨ ᠰᠤᠩᠭᠤᠯᠳᠠ ᠮᠥᠨ᠃
ᠵᠤᠭ᠎ᠠ᠎ᠨᠢ ᠪᠠᠰᠠ ᠨᠡᠯᠢᠶᠡᠳ ᠬᠦᠢ᠍ᠳᠠᠨ ᠴᠢᠨᠠᠷᠲᠠᠢ ᠪᠠᠶ᠋ᠢᠵᠦ ᠵᠢᠷᠦᠬᠡᠨ᠎ᠤ ᠬᠠᠯᠠᠭᠤᠨ᠎ᠢ ᠲᠤᠭᠤᠬᠤ ᠦᠢ᠍ᠯᠡᠳᠦᠯ᠎ᠲᠠᠢ᠃ ᠭᠡᠬᠦ᠎ᠳᠡᠭᠡᠨ ᠳᠡᠬᠦᠨ᠎ᠢ ᠪᠠᠭ᠎ᠠ ᠬᠠᠯᠠᠭᠤᠨ ᠴᠢᠨᠠᠷᠲᠠᠢ ᠢᠳᠡᠬᠡᠨ᠎ᠲᠠᠢ ᠬᠤᠯᠢᠵᠦ ᠢᠳᠡᠪᠡᠯ ᠵᠤᠬᠢᠨ᠎ᠠ᠂ ᠢᠩᠬᠢᠪᠠᠯ ᠬᠤᠳᠤᠭᠤᠳᠤ ᠠᠭᠤᠰᠬᠢᠨ᠎ᠳᠤ ᠦᠭᠬᠦ ᠬᠤᠤᠷᠳᠠᠯ᠎ᠨᠢ ᠪᠠᠭ᠋ᠠᠰᠳᠠᠭ᠃ ᠵᠤᠭ᠎ᠠ ᠪᠠᠰᠠ ᠬᠠᠯᠠᠭᠤᠨ ᠰᠠᠭᠤᠬᠰᠠᠨ ᠪᠤᠶᠤ ᠡᠪᠡᠳᠴᠢᠨ᠎ᠤ ᠪᠠᠺᠲ᠋ᠧᠷᠢ ᠬᠠᠯᠳᠠᠪᠤᠷᠢᠯᠠᠬᠰᠠᠨ᠎ᠠᠴᠠ ᠪᠤᠯᠤᠬᠰᠠᠨ ᠬᠠᠨᠢᠶᠠᠳᠤ ᠵᠢ ᠵᠤᠬᠰᠤᠭ᠋ᠠᠵᠦ ᠴᠠᠷᠢ ᠠᠷᠢᠯᠭ᠋ᠠᠬᠤ᠎ᠳᠤ ᠨᠡᠯᠢᠶᠡᠳ ᠳᠤᠰᠠᠳᠠᠢ ᠪᠠᠶ᠋ᠢᠳᠠᠭ᠃ ᠵᠤᠭ᠎ᠠ᠎ᠳᠤ ᠠᠭᠤᠯᠤᠬᠳᠠᠬᠤ ᠳᠡᠮᠦᠷ ᠪᠠ ᠺᠠᠯᠼ᠎ᠤᠨ ᠬᠡᠮᠵᠢᠶ᠎ᠠ ᠨᠡᠯᠢᠶᠡᠳ ᠥᠨᠳᠥᠷ ᠪᠠᠶ᠋ᠢᠵᠦ᠂ ᠡᠪᠡᠰᠦᠨ ᠬᠦᠴᠢᠯ᠎ᠤᠨ ᠠᠭᠤᠯᠤᠬᠳᠠᠴᠠ᠎ᠨᠢ ᠬᠠᠷᠢᠨ ᠬᠠᠷᠢᠴᠠᠩᠭᠤᠢ ᠪᠠᠭ᠎ᠠ ᠪᠠᠶ᠋ᠢᠳᠠᠭ᠃ ᠡᠩ᠎ᠤᠨ ᠪᠠᠶ᠋ᠢᠳᠠᠯ᠎ᠳᠤ ᠬᠤᠭᠤᠯᠠᠨ ᠰᠢᠷᠭᠡᠭᠯᠢᠭ᠎ᠨᠢ ᠦᠨᠳᠦᠷ ᠤᠯᠠᠩᠬᠢ ᠤᠷᠭᠤᠮᠠᠯ᠎ᠤᠨ ᠡᠪᠡᠰᠦᠨ ᠬᠦᠴᠢᠯ᠎ᠨᠢ ᠴᠦ᠍ ᠦᠨᠳᠦᠷ ᠪᠠᠶ᠋ᠢᠳᠠᠭ᠂ ᠭᠡᠲᠡᠯ᠎ᠡ ᠵᠤᠭ᠎ᠠ ᠵᠢᠨ ᠡᠪᠡᠰᠦᠨ ᠬᠦᠴᠢᠯ᠎ᠤᠨ ᠠᠭᠤᠯᠤᠬᠳᠠᠴᠠ᠎ᠨᠢ ᠬᠠᠷᠢᠨ ᠪᠠᠭ᠎ᠠ ᠰᠢᠭ᠋ ᠪᠠᠶ᠋ᠢᠵᠤ᠂ ᠳᠡᠮᠦᠷ ᠪᠠ ᠺᠠᠯᠼ᠎ᠢ ᠨᠦᠬᠦᠪᠦᠷᠢᠯᠡᠬᠦ᠎ᠳᠤ ᠵᠤᠬᠢᠬᠤ ᠦᠢ᠍ᠯᠡᠳᠦᠯ᠎ᠲᠠᠢ ᠶᠤᠮ᠃ ᠡᠬᠦᠨ᠎ᠠᠴᠠ ᠭᠠᠳᠠᠨ᠎ᠠ᠂ ᠵᠤᠭ᠎ᠠ᠎ᠨᠢ ᠪᠠᠰᠠ ᠠᠭᠤᠰᠬᠢ ᠵᠢ ᠰᠠᠶ᠋ᠢᠵᠢᠷᠠᠭᠤᠯᠵᠤ ᠳᠠᠶ᠋ᠢᠪᠤᠰᠢᠷᠠᠭᠤᠯᠬᠤ ᠦᠢ᠍ᠯᠡᠳᠦᠯ᠎ᠲᠠᠢ ᠪᠠᠶ᠋ᠢᠳᠠᠭ᠃