ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠦᠢᠯᠡᠴᠢᠯᠡᠬᠦ᠌ ᠵᠦᠭᠯᠡᠬᠦᠷ
ᠴᠠᠷᠭ᠋ᠠᠰᠤ ᠬᠤᠷᠢᠶᠠᠬᠤ ᠮᠡᠷᠭᠡᠵᠢᠯ᠎ᠤᠨ ᠭᠤᠣᠯᠳᠠᠯᠭ᠎ᠠ
ᠨᠡᠶ᠋ᠢᠲᠡᠯᠡᠭᠰᠡᠨ ᠴᠠᠭ᠄ 2024-12-05

  
   
    ᠴᠠᠷᠭ᠋ᠠᠰᠤ ᠵᠢ ᠬᠠᠳᠤᠵᠤ ᠬᠤᠷᠢᠶᠠᠬᠤ᠎ᠨᠢ ᠴᠠᠭ᠎ᠲᠠᠭᠠᠨ ᠲᠣᠬᠢᠷᠠᠭᠰᠠᠨ ᠡᠰᠡᠬᠦ᠂ ᠬᠠᠳᠤᠵᠤ ᠬᠤᠷᠢᠶᠠᠬᠤ ᠮᠡᠷᠭᠡᠵᠢᠯ᠎ᠨᠢ ᠵᠣᠬᠢᠰᠲᠠᠢ ᠡᠰᠡᠬᠦ᠎ᠨᠢ ᠠᠩᠬᠠᠨ᠎ᠤ ᠴᠠᠷᠭ᠋ᠠᠰᠤ ᠵᠢᠨ ᠪᠦᠲᠦᠭᠡᠭᠳᠡᠬᠦᠨ᠎ᠤ ᠶᠠᠰᠤ ᠴᠢᠨᠠᠷ ᠵᠢᠴᠢ ᠤᠨᠠᠯᠲᠠ ᠵᠢ ᠰᠢᠭᠤᠳ ᠨᠦᠯᠦᠭᠡᠯᠡᠳᠡᠭ᠃

    1. ᠴᠠᠷᠭ᠋ᠠᠰᠤ ᠵᠢ ᠴᠠᠭ ᠲᠤᠬᠠᠢ᠎ᠳᠤᠨᠢ ᠬᠠᠳᠤᠬᠤ ᠬᠡᠷᠡᠭᠲᠡᠢ ᠃ ᠴᠠᠷᠭ᠋ᠠᠰᠤ ᠵᠢ ᠬᠠᠳᠤᠬᠤ᠎ᠳᠤ ᠶᠡᠷᠦ᠎ᠳᠡᠭᠡᠨ ᠴᠠᠷᠭ᠋ᠠᠰᠤ ᠵᠢᠨ ᠴᠣᠮᠣᠷᠯᠢᠭᠯᠠᠬᠤ ᠰᠡᠭᠦᠯᠴᠢ ᠵᠢᠨ ᠬᠤᠭᠤᠴᠠᠭ᠎ᠠ ᠪᠤᠶᠤ ᠠᠩᠬᠠᠨ᠎ᠤ ᠴᠡᠴᠡᠭᠯᠡᠬᠦ ᠬᠤᠭᠤᠴᠠᠭ᠋ᠠᠨ᠎ᠳᠤ ᠰᠣᠩᠭᠤᠵᠤ᠂ ᠳᠤᠮᠳᠠᠴᠢ᠎ᠪᠠᠷ ᠵᠠᠭᠤᠨ ᠰᠠᠭᠤᠷᠢ ᠵᠢᠨ ᠴᠡᠴᠡᠭ ᠳᠡᠯᠭᠡᠷᠡᠬᠦ ᠨᠣᠷᠮ᠎ᠠ᠎ᠨᠢ 5%᠎ᠠᠴᠠ ᠳᠣᠷᠣᠭᠰᠢ ᠪᠠᠶ᠋ᠢᠪᠠᠯ ᠵᠣᠬᠢᠰᠲᠠᠢ ᠪᠠᠶ᠋ᠢᠳᠠᠭ᠃

    2. ᠴᠠᠷᠭ᠋ᠠᠰᠤ ᠵᠢ ᠬᠠᠳᠤᠬᠤ᠎ᠳᠤ ᠭᠤᠤᠷᠰᠤ ᠦᠯᠡᠳᠡᠭᠡᠬᠦ ᠥᠨᠳᠥᠷ᠎ᠤᠨ ᠬᠡᠮᠵᠢᠶ᠎ᠡ ᠵᠢ ᠲᠣᠬᠢᠷᠠᠮᠵᠢᠲᠠᠢ ᠪᠠᠶ᠋ᠢᠯᠭ᠋ᠠᠬᠤ ᠬᠡᠷᠡᠭᠲᠡᠢ ᠴᠠᠷᠭ᠋ᠠᠰᠤ ᠵᠢ ᠬᠠᠳᠤᠬᠤ᠎ᠳᠤ ᠭᠤᠤᠷᠰᠤ ᠦᠯᠡᠳᠡᠭᠡᠬᠦ ᠥᠨᠳᠥᠷ᠎ᠤᠨ ᠬᠡᠮᠵᠢᠶ᠎ᠡ ᠵᠢ 5-10 ᠰᠡᠨᠲ᠋ᠢᠮᠸᠲᠷ᠎ᠤᠨ ᠬᠤᠭᠤᠷᠣᠨᠳᠤ ᠪᠠᠶ᠋ᠢᠯᠭ᠋ᠠᠬᠤ ᠬᠡᠷᠡᠭᠲᠡᠢ᠂ ᠭᠤᠤᠷᠰᠤ ᠵᠢ ᠬᠡᠲᠦ ᠥᠨᠳᠥᠷ ᠦᠯᠡᠳᠡᠪᠡᠯ ᠴᠠᠷᠭ᠋ᠠᠰᠤ ᠵᠢᠨ ᠤᠨᠠᠯᠲᠠ ᠵᠢ ᠰᠢᠭᠤᠳ ᠨᠦᠯᠦᠭᠡᠯᠡᠵᠦ᠂ ᠭᠤᠤᠷᠰᠤ ᠵᠢ ᠬᠡᠲᠦ ᠳᠣᠣᠷ᠎ᠠ ᠦᠯᠡᠳᠡᠪᠡᠯ ᠴᠠᠷᠭ᠋ᠠᠰᠤ ᠵᠢᠨ ᠰᠣᠶᠣᠭ᠋ᠠᠯᠠᠬᠤ ᠰᠢᠨ᠎ᠡ ᠨᠠᠬᠢᠶ᠎ᠠ ᠵᠢ ᠬᠤᠬᠢᠷᠠᠭᠤᠯᠬᠤ ᠮᠥᠷᠲᠡᠭᠡᠨ ᠮᠠᠰᠢᠨ ᠵᠶ᠋ᠠᠷ ᠠᠵᠢᠯᠯᠠᠬᠤ᠎ᠳᠤ ᠴᠤ᠌ ᠠᠰᠢᠭ ᠦᠭᠡᠢ ᠪᠠᠶ᠋ᠢᠳᠠᠭ᠃

    3. ᠡᠭᠡᠵᠦ ᠬᠠᠳᠡᠭ᠋ᠠᠬᠤ ᠮᠡᠷᠭᠡᠵᠢᠯ᠎ᠢ ᠵᠣᠬᠢᠰᠲᠠᠢ ᠪᠠᠶ᠋ᠢᠯᠭ᠋ᠠᠬᠤ ᠬᠡᠷᠡᠭᠲᠡᠢ ᠴᠠᠷᠭ᠋ᠠᠰᠤ ᠵᠢ ᠬᠠᠳᠤᠭᠰᠠᠨ᠎ᠤ ᠳᠠᠷᠠᠭ᠎ᠠ ᠡᠩ᠎ᠤᠨ ᠪᠠᠶ᠋ᠢᠳᠠᠯ᠎ᠳᠤ ᠲᠠᠷᠢᠶᠠᠨ ᠭᠠᠵᠠᠷ᠎ᠲᠤ᠎ᠨᠢ ᠠᠶᠠᠨᠳᠠᠭ᠋ᠠᠨ ᠬᠠᠲᠠᠭ᠋ᠠᠨ᠎ᠠ᠃ ᠨᠢᠭᠡ ᠡᠳᠦᠷ ᠨᠡᠷᠡᠨ᠎ᠳᠤ ᠡᠭᠡᠭᠡᠭᠰᠡᠨ᠎ᠤ ᠳᠠᠷᠠᠭ᠎ᠠ᠂ ᠲᠡᠭᠦᠨ᠎ᠤ ᠳᠡᠭᠡᠳᠦ ᠳᠠᠪᠬᠤᠷᠭ᠎ᠠ ᠵᠢᠨ ᠠᠩᠬᠠᠨ᠎ᠤ ᠤᠰᠤᠨ᠎ᠤ ᠠᠭᠤᠯᠤᠭᠳᠠᠴᠠ᠎ᠨᠢ 30%-40% ᠣᠷᠴᠢᠮ ᠪᠣᠯᠬᠤ ᠦᠶ᠎ᠡ᠎ᠳᠤ᠂ ᠥᠷᠯᠥᠭᠡ ᠪᠤᠶᠤ ᠣᠷᠣᠢ ᠳᠠᠬᠢᠨ ᠤᠷᠪᠠᠭᠤᠯᠵᠤ ᠡᠭᠡᠭᠡᠬᠦ ᠪᠤᠶᠤ ᠳᠠᠯᠠᠩ᠎ᠢ ᠨᠡᠶ᠋ᠢᠯᠡᠭᠦᠯᠵᠦ ᠪᠣᠯᠤᠨ᠎ᠠ᠂ ᠡᠨᠡ ᠦᠶ᠎ᠡ᠎ᠳᠤ ᠠᠩᠬᠠᠨ᠎ᠤ ᠨᠠᠪᠴᠢ᠎ᠨᠢ ᠠᠮᠠᠷᠬᠠᠨ ᠬᠤᠪᠬᠤᠷᠠᠨ ᠤᠨᠠᠬᠤ ᠦᠭᠡᠢ ᠲᠤᠯᠠ ᠬᠤᠬᠢᠷᠠᠬᠤ ᠨᠣᠷᠮ᠎ᠠ ᠵᠢ ᠪᠠᠭ᠋ᠠᠰᠬᠠᠳᠠᠭ᠃

    4. ᠪᠣᠭᠤᠵᠢᠯᠠᠬᠤ ᠴᠠᠭ᠎ᠨᠢ ᠴᠠᠭ᠎ᠲᠠᠭᠠᠨ ᠲᠣᠬᠢᠷᠠᠭᠰᠠᠨ ᠪᠠᠶ᠋ᠢᠬᠤ ᠬᠡᠷᠡᠭᠲᠡᠢ᠃ ᠴᠠᠷᠭ᠋ᠠᠰᠤ ᠵᠢ ᠬᠠᠳᠤᠭᠰᠠᠨ᠎ᠤ ᠳᠠᠷᠠᠭ᠎ᠠ ᠲᠤᠩᠭ᠋ᠠᠯᠠᠭ ᠡᠳᠦᠷ᠎ᠤᠨ ᠭᠡᠷᠡᠯ᠎ᠤᠨ ᠲᠤᠰᠤᠯᠲᠠ ᠭᠦᠢ᠍ᠴᠡᠳ ᠪᠠᠶ᠋ᠢᠬᠤ ᠪᠠᠶ᠋ᠢᠳᠠᠯ ᠳᠣᠣᠷ᠎ᠠ 2-3 ᠡᠳᠦᠷ ᠡᠭᠡᠭᠡᠵᠦ ᠬᠠᠳᠠᠭ᠋ᠠᠨ᠂ ᠤᠰᠤᠨ᠎ᠤ ᠬᠡᠮᠵᠢᠶ᠎ᠡ᠎ᠨᠢ 18%᠎ᠠᠴᠠ ᠳᠣᠷᠣᠭᠰᠢ ᠪᠠᠶ᠋ᠢᠬᠤ ᠦᠶ᠎ᠡ᠎ᠳᠤ᠂ ᠥᠷᠯᠥᠭᠡ ᠪᠤᠶᠤ ᠦᠳᠡᠰᠢ ᠪᠣᠭᠤᠵᠢᠯᠠᠵᠤ᠂ ᠴᠠᠷᠭ᠋ᠠᠰᠤ ᠵᠢᠨ ᠨᠠᠪᠴᠢᠨ᠎ᠤ ᠬᠤᠬᠢᠷᠠᠯ ᠪᠠ ᠰᠦᠢ᠍ᠷᠡᠯ᠎ᠢ ᠪᠠᠭ᠋ᠠᠰᠬᠠᠨ᠎ᠠ᠃ ᠬᠡᠲᠦᠷᠬᠡᠢ ᠨᠣᠶ᠋ᠢᠲᠠᠨ ᠴᠠᠷᠭ᠋ᠠᠰᠤ ᠵᠢᠴᠢ ᠰᠢᠷᠣᠢ᠂ ᠢᠯᠵᠢᠷᠡᠭᠰᠡᠨ ᠡᠪᠡᠰᠦ ᠵᠢ ᠪᠣᠭᠤᠵᠢ᠎ᠳᠤ ᠬᠤᠯᠢᠬᠤ ᠵᠢ ᠠᠩᠬᠠᠷᠴᠤ᠂ ᠬᠦᠷᠢᠶᠡᠯᠡᠭᠰᠡᠨ᠎ᠤ ᠳᠠᠷᠠᠭ᠎ᠠ ᠢᠯᠵᠢᠷᠡᠵᠦ ᠴᠢᠨᠠᠷ ᠬᠤᠪᠢᠷᠠᠬᠤ᠎ᠠᠴᠠ ᠰᠡᠷᠭᠡᠶ᠋ᠢᠯᠡᠬᠦ ᠬᠡᠷᠡᠭᠲᠡᠢ᠃

     5. ᠬᠦᠷᠢᠶᠡᠯᠡᠵᠦ ᠣᠪᠣᠭ᠋ᠠᠯᠠᠨ ᠲᠠᠯᠪᠢᠬᠤ᠎ᠳᠤ ᠲᠣᠬᠢᠷᠠᠮᠵᠢᠲᠠᠢ ᠪᠠᠶ᠋ᠢᠬᠤ ᠬᠡᠷᠡᠭᠲᠡᠢ ᠴᠠᠷᠭ᠋ᠠᠰᠤ ᠵᠢ ᠪᠣᠭᠤᠵᠢᠯᠠᠭᠰᠠᠨ᠎ᠤ ᠳᠠᠷᠠᠭ᠎ᠠ ᠠᠯᠢ ᠲᠦᠷᠭᠡᠨ ᠵᠶ᠋ᠠᠷ ᠬᠦᠮᠦᠷᠭᠡᠯᠡᠬᠦ ᠪᠤᠶᠤ ᠣᠪᠤᠭ᠋ᠠᠯᠠᠨ ᠬᠦᠷᠢᠶᠡᠯᠡᠬᠦ ᠬᠡᠷᠡᠭᠲᠡᠢ᠃ ᠡᠪᠡᠰᠦᠨ ᠢᠷᠤᠭ᠋ᠠᠷ᠎ᠤᠨ ᠪᠣᠭᠤᠵᠢ ᠵᠢ ᠭᠠᠵᠠᠷ᠎ᠤᠨ ᠭᠠᠳᠠᠷᠭᠤ᠎ᠲᠠᠢ ᠰᠢᠭᠤᠳ ᠬᠦᠷᠦᠯᠴᠡᠭᠦᠯᠵᠦ ᠪᠣᠯᠬᠤ ᠦᠭᠡᠢ᠂ ᠤᠰᠤᠨ᠎ᠳᠤ ᠳᠡᠪᠲᠦᠬᠦ᠎ᠠᠴᠠ ᠰᠡᠷᠭᠡᠶ᠋ᠢᠯᠡᠨ᠂ ᠣᠪᠣᠭ᠋ᠠᠨ᠎ᠤ ᠳᠡᠭᠡᠷ᠎ᠡ᠎ᠨᠢ ᠪᠣᠷᠣᠭ᠋ᠠᠨ᠎ᠠᠴᠠ ᠰᠡᠷᠭᠡᠶ᠋ᠢᠯᠡᠬᠦ ᠲᠥᠬᠦᠭᠡᠷᠦᠮᠵᠢ ᠪᠦᠷᠬᠦᠵᠦ᠂ ᠣᠪᠣᠭ᠋ᠠᠨ᠎ᠤ ᠡᠪᠡᠰᠦᠨ ᠪᠣᠭᠤᠵᠢ ᠵᠢᠨ ᠵᠠᠪᠰᠠᠷ᠎ᠲᠤ ᠵᠠᠢ ᠵᠠᠪᠰᠠᠷ ᠦᠯᠡᠳᠡᠭᠡᠵᠦ ᠰᠠᠯᠬᠢ ᠨᠡᠪᠲᠡᠷᠡᠭᠦᠯᠬᠦ ᠬᠡᠷᠡᠭᠲᠡᠢ᠃
    

ᠢᠷᠡᠯᠲᠡ᠄ ᠦᠪᠦᠷ ᠮᠣᠩᠭᠤᠯ᠎ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ᠎ᠤ ᠲᠢᠩᠬᠢᠮ
          
ᠬᠠᠮᠢᠶ᠎ᠡ ᠪᠦᠬᠦᠢ ᠰᠣᠨᠢᠨ
 
             蒙ICP备05000248号