ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠡᠯᠡᠰᠦᠨ ᠰᠢᠭᠤᠷᠭ᠎ᠠ ᠴᠤᠬᠤᠮ ᠶᠠᠮᠠᠷ ᠰᠢᠯᠳᠠᠭ᠋ᠠᠨ᠎ᠠᠴᠠ ᠪᠤᠢ ᠪᠤᠯᠤᠠᠠᠰᠠᠨ ᠪᠤᠢ?
ᠨᠡᠶ᠋ᠢᠲᠡᠯᠡᠭᠰᠡᠨ ᠴᠠᠭ᠄ 2021-06-21

      ᠡᠨᠡ ᠠᠰᠠᠭᠤᠳᠠᠯ᠎ᠢ ᠬᠠᠷᠢᠭᠤᠯᠬᠤ᠎ᠳᠤ ᠡᠩ ᠲᠠᠷᠢᠭᠦᠨ᠎ᠳᠤ ᠪᠢᠳᠡ ᠠᠮᠢ ᠠᠬᠤᠢ ᠵᠢᠨ ᠰᠢᠰᠲ᠋ᠧᠮ᠎ᠳᠤ ᠲᠡᠮᠵᠢᠯᠭᠡ ᠪᠤᠯᠳᠠᠭ ᠵᠢᠷᠭᠤᠭ᠋ᠠᠨ ᠲᠤᠮᠤ ᠤᠷᠴᠢᠨ ᠠᠬᠤᠢ ᠵᠢᠨ ᠡᠯᠧᠮᠧᠨ᠋ᠲ᠎ᠤᠨ ᠬᠤᠪᠢᠷᠠᠯᠳᠠ ᠵᠢ ᠵᠠᠳᠠᠯᠬᠤ ᠴᠢᠬᠤᠯᠠ᠎ᠲᠠᠢ ᠪᠠᠶ᠋ᠢᠨ᠎ᠠ᠃ ᠨᠢᠭᠡᠳᠦᠭᠡᠷ᠎ᠲᠤ᠂ ᠭᠡᠷᠡᠯ᠎ᠤᠨ ᠲᠤᠰᠤᠯᠳᠠ ᠬᠤᠪᠢᠷᠠᠯᠳᠠ ᠦᠭᠡᠢ ᠪᠠᠶ᠋ᠢᠬᠤ; ᠬᠤᠶᠠᠳᠤᠭ᠋ᠠᠷ᠎ᠲᠤ᠂ ᠲᠤᠯᠠᠭ᠋ᠠᠨ᠎ᠤ ᠭᠡᠮᠵᠢᠶ᠎ᠠ ᠭᠡᠪ᠎ᠤᠨ ᠪᠠᠶ᠋ᠢᠬᠤ; ᠭᠤᠷᠪᠠᠳᠤᠭ᠋ᠠᠷ᠎ᠲᠤ᠂ ᠭᠦᠴᠢᠯᠳᠦ᠋ᠷᠦᠭᠴᠢ ᠵᠢᠨ ᠠᠭᠤᠯᠤᠠᠠᠳᠠᠴᠠ ᠬᠤᠪᠢᠷᠠᠯᠳᠠ ᠦᠭᠡᠢ ᠪᠠᠶ᠋ᠢᠬᠤ; ᠲᠦᠷᠪᠡᠳᠦᠭᠡᠷ᠎ᠲᠤ᠂ ᠨᠡᠭᠦᠷᠡᠰᠦᠳᠦ᠋ᠷᠦᠭᠴᠢ ᠵᠢᠨ ᠲᠠᠪᠬᠤᠷ ᠢᠰᠦᠯ᠎ᠤᠨ ᠨᠡᠮᠡᠭᠳᠡᠯ ᠭᠡᠰᠡᠭ᠎ᠨᠢ ᠤᠷᠭᠤᠮᠠᠯ᠎ᠤᠨ ᠤᠷᠭᠤᠯᠳᠠ᠎ᠳᠤ ᠠᠰᠢᠠᠠᠳᠠᠢ ᠪᠠᠶ᠋ᠢᠬᠤ; ᠲᠠᠪᠤᠳᠤᠭ᠋ᠠᠷ᠎ᠲᠤ᠂ ᠬᠤᠷ᠎ᠠ ᠲᠤᠨᠤᠳᠠᠰᠤ ᠵᠢᠨ ᠭᠡᠮᠵᠢᠶ᠎ᠠ ᠬᠤᠪᠢᠷᠠᠯᠳᠠ᠎ᠲᠠᠢ ᠪᠤᠯᠪᠠᠴᠤ ᠶᠠᠷᠦᠩᠭᠡᠢ ᠬᠤᠷ᠎ᠠ ᠪᠤᠷᠤᠭ᠋ᠠᠨ᠎ᠤ ᠭᠡᠮᠵᠢᠶ᠎ᠠ ᠭᠡᠪ᠎ᠤᠨ ᠪᠠᠶ᠋ᠢᠵᠤ᠂ ᠵᠠᠷᠢᠮ ᠵᠢᠯ᠎ᠳᠤ ᠪᠠᠰᠠ ᠵᠢᠭ᠋ᠠᠬᠠᠨ ᠦᠨᠳᠤᠷ ᠪᠠᠶ᠋ᠢᠬᠤ; ᠵᠢᠷᠭᠤᠳᠤᠭ᠋ᠠᠷ᠎ᠲᠤ᠂ ᠭᠦᠷᠦᠰᠤ ᠰᠢᠷᠤᠢ ᠪᠠ ᠮᠠᠲ᠋ᠧᠷᠢᠶᠠᠯ ᠪᠤᠳᠠᠰ ᠯᠤᠳᠤ ᠶᠡᠭᠡ ᠬᠤᠪᠢᠷᠠᠯᠳᠠ᠎ᠲᠠᠢ ᠪᠠᠶ᠋ᠢᠬᠤ ᠵᠢ ᠮᠡᠳᠡᠭᠦ ᠭᠡᠷᠡᠭᠳᠡᠢ᠃ ᠪᠠᠶ᠋ᠢᠭ᠋ᠠᠯᠢᠯᠢᠬ ᠠᠮᠢ ᠠᠬᠤᠢ ᠵᠢᠨ ᠰᠢᠰᠲ᠋ᠧᠮ᠎ᠤᠨ ᠪᠤᠳᠠᠰ᠎ᠤᠨ ᠤᠷᠴᠢᠯ᠎ᠨᠢ ᠭᠦᠮᠦᠰ᠎ᠤᠨ ᠠᠵᠢᠯᠯᠠᠭ᠎ᠠ᠎ᠳᠤ ᠲᠠᠰᠤᠯᠤᠠᠠᠳᠠᠵᠤ᠂ ᠭᠦᠷᠤᠰᠤ ᠰᠢᠷᠤᠢ ᠭᠦᠨᠳᠤ ᠨᠤᠴᠢᠳᠡᠢ ᠡᠪᠳᠡᠭᠳᠡᠵᠡᠢ᠃ ᠲᠠᠯ᠎ᠠ ᠨᠤᠳᠤᠭ᠎ᠲᠤ ᠤᠷᠭᠤᠮᠠᠯ᠎ᠤᠨ ᠤᠷᠭᠤᠬᠤ᠎ᠳᠤ ᠲᠦᠰᠢᠭᠯᠡᠳᠡᠭ ᠭᠦᠷᠦᠰᠤ ᠰᠢᠷᠤᠢ ᠪᠤᠯ ᠵᠦᠪᠭᠡᠨ ᠮᠧᠳ᠋ᠷ ᠭᠠᠷᠦ᠋ᠢ᠍ᠬᠠᠨ ᠵᠤᠵᠠᠭ᠋ᠠᠨ ᠪᠠᠶ᠋ᠢᠵᠤ᠂ ᠲᠤᠤᠷᠠᠭᠢ᠎ᠨᠢ ᠴᠦᠮ ᠦᠪᠴᠢ ᠡᠯᠡᠰᠤ ᠪᠤᠯᠤᠨ᠎ᠠ᠃ ᠡᠶ᠋ᠢᠮᠤ᠎ᠠᠴᠠ ᠡᠨᠡ ᠬᠦ᠌ ᠮᠧᠳ᠋ᠷ ᠭᠠᠷᠦ᠋ᠢ᠍ᠬᠠᠨ ᠵᠤᠵᠠᠭ᠋ᠠᠨ ᠭᠦᠷᠤᠰᠤ ᠪᠤᠯ ᠲᠤᠩ ᠴᠢᠬᠤᠯᠠ ᠶᠤᠮ᠃ ᠡᠳᠡᠭᠡᠷ ᠭᠦᠷᠦᠰᠤ᠎ᠨᠢ ᠤᠷᠭᠤᠮᠠᠯ ᠵᠶ᠋ᠠᠷ ᠦᠪᠴᠢ ᠬᠤᠴᠢᠠᠠᠳ᠋ᠬᠠᠰᠠᠨ ᠦᠶ᠎ᠠ᠎ᠳᠤ ᠰᠠᠯᠭᠢᠨ᠎ᠳᠤ ᠢᠳᠡᠭᠳᠡᠭᠦ ᠦᠭᠡᠢ ᠪᠠᠶ᠋ᠢᠵᠤ᠂ ᠡᠪᠡᠰᠤ ᠤᠷᠭᠤᠮᠠᠯ᠎ᠨᠢ ᠬᠠᠯᠴᠠᠭ᠋ᠠᠶ᠋ᠢᠷᠬᠠᠰᠠᠨ ᠦᠶ᠎ᠠ᠎ᠳᠤ ᠭᠦᠷᠤᠰᠤ ᠰᠢᠷᠤᠢ ᠰᠤᠯᠠᠷᠠᠵᠤ᠂ ᠭᠡᠪᠡᠷᠡᠭᠵᠢᠵᠤ᠂ ᠡᠴᠤᠰ᠎ᠲᠡᠭᠡᠨ ᠡᠯᠡᠰᠤᠨ ᠰᠢᠭᠤᠷᠭ᠎ᠠ ᠪᠤᠯᠵᠤ ᠲᠡᠭᠳᠡᠳᠡᠭ ᠪᠠᠶ᠋ᠢᠨ᠎ᠠ᠃


      (ᠢᠷᠡᠯᠲᠡ᠄ ᠪᠦᠷᠢᠨᠪᠠᠶᠠᠷ᠂ ᠮᠦᠩᠬᠡᠪᠠᠭ᠋ᠠᠲᠤᠷ᠂ ᠬᠤᠩ ᠮᠧᠢ ᠨᠠᠷ᠎ᠤᠨ ᠨᠠᠶ᠋ᠢᠷᠠᠭᠤᠯᠤᠭᠰᠠᠨ 《ᠮᠠᠯᠵᠢᠯ᠎ᠤᠨ ᠮᠡᠳᠡᠯᠭᠡ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)
   

ᠢᠷᠡᠯᠲᠡ᠄ 《ᠮᠠᠯᠵᠢᠯ᠎ᠤᠨ ᠮᠡᠳᠡᠯᠭᠡ ᠮᠡᠷᠭᠡᠵᠢᠯ》
          
ᠬᠠᠮᠢᠶ᠎ᠡ ᠪᠦᠬᠦᠢ ᠰᠣᠨᠢᠨ
ᠡᠯᠡᠰᠦᠷᠭᠡᠭᠵᠢᠭᠰᠡᠨ ᠭᠠᠵᠠᠷ ᠨᠤᠳᠤᠭ᠎ᠢ ᠶᠠᠭ᠋ᠠᠭᠢᠨ ᠪᠦᠳᠦᠮᠵᠢᠳᠡᠢ᠎ᠪᠠᠷ ᠵᠠᠰᠠᠬᠤ ᠪᠤᠢ?
ᠶᠠᠭᠤ ᠵᠢ ᠤᠷᠭᠤᠮᠠᠯ᠎ᠤᠨ ᠬᠦᠨᠦᠭᠡᠯ᠎ᠢ ᠡᠰᠡᠷᠭᠦᠴᠡᠬᠦ ᠴᠢᠨᠠᠷ ᠭᠡᠳᠡᠭ ᠪᠣᠢ
ᠢᠳᠡᠰᠢᠨ ᠨᠣᠭᠤᠭ᠋ᠠᠨ᠎ᠤ ᠲᠥᠷᠦᠯ᠎ᠤᠨ ᠨᠡᠷ᠎ᠡ
ᠲᠠᠷᠢᠮᠠᠯ᠎ᠤᠨ ᠪᠠᠶ᠋ᠢᠷᠢᠯᠠᠯ᠎ᠢ ᠵᠣᠬᠢᠰᠲᠠᠢ ᠲᠤᠬᠢᠷᠠᠭᠤᠯᠬᠤ᠂ ᠡᠭᠡᠯᠵᠢᠯᠡᠨ ᠲᠠᠷᠢᠬᠤ ᠪᠠ ᠠᠯᠠᠭᠯᠠᠨ ᠲᠠᠷᠢᠬᠤ᠎ᠪᠠᠷ ᠳᠠᠮᠵᠢᠵᠦ ᠡᠪᠡᠳᠴᠢᠨ ᠬᠤᠷᠤᠬᠠᠢ ᠵᠢᠨ ᠬᠦᠨᠦᠭᠡᠯ᠎ᠢ ᠬᠡᠷᠬᠢᠨ ᠬᠢᠵᠠᠭ᠋ᠠᠷᠯᠠᠬᠤ ᠪᠤᠢ
ᠠᠭᠤᠷ ᠠᠮᠢᠰᠬᠤᠯ᠎ᠤᠨ ᠮᠠᠭᠤᠵᠢᠷᠡᠯ᠎ᠨᠢ ᠡᠯᠡᠰᠦᠷᠭᠡᠭᠵᠢᠯ᠂ ᠲᠠᠴᠢᠷᠳᠡᠯ᠎ᠢ ᠤᠯᠠᠮ ᠭᠡᠴᠡᠭᠦᠳᠡᠭᠦᠯᠵᠤ ᠪᠠᠶ᠋ᠢᠨ᠎ᠠ ᠤᠤ?
 
             蒙ICP备05000248号