ᠪᠦᠷᠬᠦᠬᠦ ᠮᠡᠷᠭᠡᠵᠢᠯ᠎ᠤᠨ ᠬᠠᠮᠤᠭ ᠰᠠᠶ᠋ᠢᠨ ᠲᠠᠯ᠎ᠠ᠎ᠨᠢ ᠬᠦᠷᠦᠰᠦᠨ᠎ᠤ ᠤᠰᠤ ᠠᠭᠤᠯᠤᠭᠳᠠᠴᠠ ᠵᠢ ᠪᠠᠲᠤᠯᠠᠬᠤ ᠪᠠ ᠤᠷᠭ᠋ᠠᠨᠢᠭ ᠪᠤᠳᠠᠰ᠎ᠢ ᠨᠡᠮᠡᠭᠳᠡᠭᠦᠯᠬᠦ᠎ᠳᠤ ᠪᠤᠢ᠃ ᠨᠡᠯᠢᠶᠡᠳ ᠤᠷᠲᠦ ᠬᠤᠭᠤᠴᠠᠭ᠋ᠠᠨ᠎ᠤ ᠲᠠᠷᠢᠶᠠᠯᠠᠭ᠎ᠠ ᠵᠢᠨ ᠦᠢ᠍ᠯᠡᠳᠦᠯᠭᠡ ᠵᠢᠨ ᠳᠤᠮᠳᠠ᠂ ᠭᠤᠤᠯᠳᠠᠭᠤ ᠦᠨᠳᠦᠰᠦᠨ ᠭᠤᠤᠷᠰᠤ᠂ ᠦᠯᠡᠳᠡᠭᠳᠡᠯ ᠪᠤᠳᠠᠰ ᠵᠡᠷᠭᠡ ᠤᠷᠭ᠋ᠠᠨᠢᠭ ᠪᠡᠶᠡᠲᠦ᠎ᠪᠠᠷ ᠭᠤᠣᠯ ᠪᠤᠯᠭ᠋ᠠᠭᠰᠠᠨ ᠪᠦᠷᠬᠦᠬᠦ ᠮᠡᠷᠭᠡᠵᠢᠯ᠎ᠢ ᠬᠡᠷᠡᠭᠯᠡᠵᠦ ᠪᠠᠶ᠋ᠢᠨ᠎ᠠ᠃ ᠪᠦᠷᠬᠦᠪᠴᠢ ᠵᠢ ᠠᠰᠢᠭᠯᠠᠨ ᠬᠦᠷᠦᠰᠦ ᠡᠭᠡᠭᠡᠬᠦ ᠵᠢ ᠨᠡᠯᠢᠶᠡᠳ ᠶᠡᠭᠡ ᠲᠠᠯᠠᠪᠠᠢ᠎ᠪᠠᠷ ᠶᠠᠪᠤᠭᠳᠠᠭᠤᠯᠵᠤ ᠪᠤᠯᠤᠨ᠎ᠠ᠃ ᠲᠡᠭᠦᠨ᠎ᠤ ᠬᠦᠨᠦᠭᠡᠯᠲᠦ ᠠᠮᠢᠲᠦ ᠪᠤᠳᠠᠰ᠎ᠢ ᠠᠯᠠᠵᠦ ᠤᠰᠠᠳᠬᠠᠬᠤ ᠬᠡᠮᠵᠢᠶ᠎ᠡ᠎ᠨᠢ ᠬᠡᠳᠦᠶ᠋ᠢᠪᠡᠷ ᠠᠭᠤᠷ ᠵᠶ᠋ᠠᠷ ᠠᠭᠤᠷᠰᠢᠭᠤᠯᠬᠤ ᠵᠢᠨ ᠬᠢᠷᠢ ᠲᠤᠶ᠋ᠢᠯᠪᠦᠷᠢᠲᠡᠢ ᠪᠢᠰᠢ ᠪᠤᠯᠪᠠᠴᠦ ᠠᠭᠤᠷ ᠵᠶ᠋ᠠᠷ ᠪᠠᠺᠲ᠋ᠧᠷᠢ ᠠᠯᠠᠬᠤ ᠦᠶᠡᠰ ᠪᠦᠷᠢᠯᠳᠤᠭ᠌ᠰᠡᠨ ᠠᠮᠢᠲᠦ ᠪᠤᠳᠠᠰ᠎ᠤᠨ ᠤᠬᠠᠭ᠋ᠠᠨ᠎ᠤ ᠬᠤᠭᠤᠰᠤᠨ ᠲᠦᠯᠦᠪ ᠡᠭᠦᠰᠴᠦ ᠡᠪᠡᠳᠴᠢᠨ ᠡᠭᠦᠰᠭᠡᠭᠴᠢ ᠵᠢᠨ ᠳᠠᠬᠢᠨᠲᠠ ᠰᠠᠮᠠᠭᠤᠷᠠᠬᠤ ᠪᠠᠶ᠋ᠢᠳᠠᠯ᠎ᠢ ᠪᠤᠢ ᠪᠤᠯᠭ᠋ᠠᠬᠤ ᠦᠭᠡᠢ᠂ ᠡᠭᠦᠨ᠎ᠤ ᠬᠠᠮᠲᠦ ᠦᠨᠳᠦᠷ ᠬᠠᠯᠠᠭᠤᠨ᠎ᠤ ᠰᠡᠲᠤᠯᠲᠡᠠᠴᠠ ᠪᠤᠯᠤᠭᠰᠠᠨ ᠬᠤᠤᠷᠲᠦ ᠪᠤᠳᠠᠰ ᠡᠭᠦᠰᠬᠦ ᠦᠭᠡᠢ᠃ ᠪᠦᠷᠬᠦᠪᠴᠢ ᠪᠦᠷᠬᠦᠨ ᠬᠦᠷᠦᠰᠦ ᠡᠭᠡᠭᠡᠬᠦ᠎ᠨᠢ ᠵᠤᠨ᠎ᠤ ᠤᠯᠠᠷᠢᠯ᠎ᠤᠨ ᠦᠨᠳᠦᠷ ᠬᠠᠯᠠᠭᠤᠨ᠎ᠤ ᠬᠤᠭᠤᠴᠠᠭ᠋ᠠᠨ᠎ᠳᠤ ᠴᠢᠬᠢᠭᠲᠡᠢ ᠭᠦᠷᠦᠰᠦ ᠵᠢ ᠤᠷᠪᠠᠭᠤᠯᠤᠨ ᠰᠤᠯᠠᠷᠠᠭᠤᠯᠵᠤ᠂ ᠰᠦᠯᠢᠶᠤᠤ ᠨᠢᠮᠭᠡᠨ ᠪᠦᠷᠬᠦᠬᠦᠯ (ᠵᠤᠵᠠᠭ᠋ᠠᠨ᠎ᠨᠢ ᠶᠡᠷᠦ᠎ᠳᠡᠭᠡᠨ 30 ~ 35μm) ᠪᠦᠷᠬᠦᠵᠦ᠂ ᠦᠷᠭᠦᠯᠵᠢᠯᠡᠨ 2 ~ 4 ᠬᠤᠨᠤᠭ ᠴᠢᠨᠠᠭᠰᠢᠯᠠᠨ ᠨᠡᠩ ᠤᠷᠲᠦ ᠬᠤᠭᠤᠴᠠᠭ᠎ᠠ ᠡᠭᠡᠭᠡᠨ᠎ᠡ᠃ ᠡᠨᠡ ᠬᠦ᠌ ᠬᠤᠭᠤᠴᠠᠭ᠋ᠠᠨ᠎ᠳᠤ 5 cm ᠭᠦᠨ ᠬᠦᠷᠦᠰᠦᠨ ᠳᠠᠪᠬᠤᠷᠭ᠎ᠠ ᠵᠢᠨ ᠳᠤᠯᠠᠭ᠋ᠠᠨ᠎ᠨᠢ 45 ~ 55℃ ᠬᠦᠷᠴᠦ᠂ 20cm ᠬᠦᠷᠦᠰᠦᠨ ᠳᠠᠪᠬᠤᠷᠭ᠎ᠠ ᠵᠢᠨ ᠳᠤᠯᠠᠭ᠋ᠠᠨ᠎ᠨᠢ 39 ~ 45℃ ᠬᠦᠷᠴᠦ᠂ ᠵᠠᠷᠢᠮ ᠭᠠᠵᠠᠷ᠎ᠲᠤ 5cm ᠬᠦᠷᠦᠰᠦᠨ ᠳᠠᠪᠬᠤᠷᠭ᠎ᠠ ᠵᠢᠨ ᠳᠤᠯᠠᠭ᠋ᠠᠨ᠎ᠢ 60℃ᠲᠤ ᠬᠦᠷᠭᠡᠵᠦ᠂ ᠵᠠᠷᠢᠮ ᠡᠪᠡᠳᠴᠢᠨ ᠡᠭᠦᠰᠭᠡᠭᠴᠢ ᠵᠢᠩᠭᠢᠨᠢ ᠮᠦᠭᠦ᠂ ᠵᠤᠵᠠᠭ᠋ᠠᠨ ᠬᠠᠨᠠᠲᠦ ᠰᠫᠣᠷ ᠪᠠ ᠤᠲᠠᠰᠤᠨ ᠬᠤᠷᠤᠬᠠᠢ ᠵᠢᠨ ᠦᠨᠳᠡᠭᠡ ᠵᠡᠷᠭᠡ᠎ᠨᠢ ᠮᠠᠰᠢ ᠲᠦᠷᠭᠡᠨ ᠵᠶ᠋ᠠᠷ ᠦᠬᠦᠵᠦ᠂ ᠪᠤᠰᠤᠳ ᠳᠡᠭᠡᠲᠦ ᠵᠡᠷᠭᠡ ᠵᠢᠨ ᠮᠦᠯᠵᠢᠭᠳᠡᠭᠴᠢ ᠤᠷᠭᠤᠮᠠᠯ᠎ᠤᠨ ᠦᠷ᠎ᠡ᠂ ᠡᠯᠳᠡᠪ ᠡᠪᠡᠰᠤᠨ᠎ᠤ ᠦᠷ᠎ᠡ ᠵᠢᠴᠢ ᠬᠤᠷᠤᠬᠠᠢ ᠵᠢᠨ ᠦᠨᠳᠡᠭᠡ ᠵᠢ ᠴᠦ᠍ ᠵᠤᠬᠢᠬᠤ ᠬᠡᠮᠵᠢᠶ᠎ᠡ᠎ᠪᠠᠷ ᠬᠢᠵᠠᠭ᠋ᠠᠷᠯᠠᠵᠤ ᠴᠢᠳᠠᠨ᠎ᠠ᠃
(ᠢᠷᠡᠯᠲᠡ᠄ ᠰᠢ ᠶᠢᠩ᠎ᠤᠨ ᠨᠠᠶ᠋ᠢᠷᠠᠭᠤᠯᠤᠭᠰᠠᠨ 《ᠤᠷᠭᠤᠮᠠᠯ᠎ᠤᠨ ᠡᠪᠡᠳᠴᠢᠨ ᠬᠤᠷᠤᠬᠠᠢ ᠡᠪᠡᠰᠦᠨ᠎ᠤ ᠬᠦᠨᠦᠭᠡᠯ᠎ᠢ ᠬᠢᠵᠠᠭ᠋ᠠᠷᠯᠠᠬᠤ ᠠᠰᠠᠭᠤᠯᠲᠠ ᠬᠠᠷᠢᠭᠤᠯᠲᠠ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)