ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠠᠭ᠋ᠠᠷ᠎ᠤᠨ ᠪᠤᠵᠠᠷᠲᠤᠯ᠎ᠢ ᠳᠠᠷᠤᠵᠤ ᠴᠢᠳᠠᠳᠠᠭ ᠮᠣᠳᠣᠳ
ᠨᠡᠶ᠋ᠢᠲᠡᠯᠡᠭᠰᠡᠨ ᠴᠠᠭ᠄ 2023-04-21



    
       ᠵᠢᠭ᠋ᠠᠷᠲᠤ ᠮᠣᠳᠣ᠄ ᠰᠠᠯᠠᠭ᠎ᠠ ᠨᠠᠪᠴᠢ᠎ᠨᠢ ᠭᠠᠪᠤᠷ᠎ᠤᠨ ᠦᠨᠦᠷ᠎ᠲᠠᠢ᠂ ᠳᠡᠭᠳᠡᠮᠡᠬᠡᠢ ᠰᠢᠨᠵᠢ᠎ᠲᠠᠢ ᠪᠠᠺᠲ᠋ᠧᠷᠢ ᠵᠢ ᠳᠠᠷᠤᠬᠤ ᠪᠣᠳᠠᠰ ᠱᠦᠭᠦᠷᠡᠭᠦᠯᠳᠡᠭ᠃ ᠬᠦᠬᠦᠷ᠎ᠤᠨ ᠳᠠᠪᠬᠤᠷ ᠢᠰᠦᠯ᠂ ᠾᠯᠣᠷ ᠵᠡᠷᠭᠡ ᠬᠤᠣᠷᠲᠤ ᠬᠡᠢ ᠵᠢ ᠰᠤᠷᠤᠨ ᠠᠪᠬᠤ ᠴᠢᠳᠠᠪᠤᠷᠢ᠎ᠲᠠᠢ᠃

      ᠠᠷᠴᠠ᠄ ᠪᠠᠺᠲ᠋ᠧᠷᠢ ᠵᠢ ᠠᠯᠠᠬᠤ ᠪᠠ ᠬᠤᠷ᠎ᠠ᠂ ᠲᠣᠭᠤᠰᠣ ᠵᠢ ᠰᠣᠷᠣᠨ ᠠᠪᠬᠤ ᠴᠢᠳᠠᠯ᠎ᠲᠠᠢ᠃ ᠰᠠᠯᠠᠭ᠎ᠠ ᠨᠠᠪᠴᠢ᠎ᠠᠴᠠ᠎ᠨᠢ ᠨᠢᠭᠡ ᠵᠦᠢ᠍ᠯ᠎ᠤᠨ ᠪᠠᠺᠲ᠋ᠧᠷᠢ ᠠᠯᠠᠬᠤ ᠡᠳ᠋ ᠱᠦᠭᠦᠷᠡᠨ ᠭᠠᠷᠳᠠᠭ᠃ ᠠᠭᠤᠰᠬᠢᠨ᠎ᠤ ᠰᠦᠷᠢᠶ᠎ᠡ᠂ ᠶᠣᠯᠬᠤᠳᠠᠰᠤ ᠵᠢᠨ ᠪᠠᠺᠲ᠋ᠧᠷᠢ ᠵᠢ ᠠᠯᠠᠵᠤ ᠴᠢᠳᠠᠳᠠᠭ᠃ ᠬᠦᠬᠦᠷ᠎ᠤᠨ ᠳᠠᠪᠬᠤᠷ ᠢᠰᠦᠯ᠂ ᠾᠯᠣᠷ ᠵᠡᠷᠭᠡ᠎ᠲᠠᠢ ᠨᠡᠯᠢᠶᠡᠳ ᠴᠢᠩᠭ᠎ᠠ ᠡᠰᠡᠷᠭᠦᠴᠡᠯᠳᠦᠬᠦ ᠴᠢᠨᠠᠷ᠎ᠲᠠᠢ᠃

      ᠮᠠᠶ᠋ᠢᠯᠠᠰᠤᠨ ᠮᠣᠳᠣ᠄ ᠰᠠᠯᠠᠭ᠎ᠠ ᠨᠠᠪᠴᠢ᠎ᠠᠴᠠ᠎ᠨᠢ ᠰᠠᠶ᠋ᠢᠬᠠᠨ ᠦᠨᠦᠷ ᠭᠠᠷᠳᠠᠭ᠂ ᠳᠡᠭᠳᠡᠮᠡᠬᠡᠢ ᠰᠢᠨᠵᠢ᠎ᠲᠠᠢ ᠪᠠᠺᠲ᠋ᠧᠷᠢ ᠳᠠᠷᠤᠬᠤ ᠡᠳ᠋ ᠪᠠ ᠪᠠᠺᠲ᠋ᠧᠷᠢ ᠠᠯᠠᠬᠤ ᠡᠳ᠋᠎ᠢ ᠱᠦᠭᠦᠷᠡᠭᠦᠯᠦᠨ ᠭᠠᠷᠭ᠋ᠠᠳᠠᠭ᠂ ᠪᠠᠰᠠ ᠠᠭ᠋ᠠᠷ ᠳᠣᠲᠣᠷᠠᠬᠢ ᠬᠦᠬᠦᠷ᠎ᠤᠨ ᠳᠠᠪᠬᠤᠷ ᠢᠰᠦᠯ ᠪᠠ ᠾᠯᠣᠷ ᠵᠡᠷᠭᠡ ᠬᠤᠣᠷᠲᠤ ᠬᠡᠢ ᠵᠢ ᠰᠣᠷᠣᠨ ᠠᠪᠴᠤ ᠴᠢᠳᠠᠳᠠᠭ᠃

      ᠬᠠᠶ᠋ᠢᠯᠠᠰᠤᠨ ᠮᠣᠳᠣ᠄ ᠬᠦᠬᠦᠷ᠎ᠤᠨ ᠳᠠᠪᠬᠤᠷ ᠢᠰᠦᠯ᠂ ᠾᠯᠣᠷ ᠵᠡᠷᠭᠡ ᠬᠤᠣᠷᠲᠤ ᠬᠡᠢ ᠪᠠ ᠲᠣᠭᠤᠰᠣ ᠤᠳᠤᠭ᠎ᠠ ᠵᠢᠨ ᠬᠤᠣᠷ᠎ᠢ ᠡᠰᠡᠷᠭᠦᠴᠡᠵᠦ ᠴᠢᠳᠠᠨ᠎ᠠ᠃ ᠬᠠᠶ᠋ᠢᠯᠠᠰᠤᠨ ᠮᠣᠳᠣᠨ᠎ᠤ ᠨᠠᠪᠴᠢ ᠵᠢᠨ ᠥᠩᠭᠡᠨ ᠲᠠᠯ᠎ᠠ᠎ᠨᠢ ᠪᠦᠳᠦᠭᠦᠯᠢᠭ᠂ ᠲᠣᠭᠤᠰᠣ ᠰᠣᠷᠣᠨ ᠠᠪᠬᠤ ᠴᠢᠳᠠᠪᠤᠷᠢ᠎ᠪᠠᠷ ᠰᠠᠶ᠋ᠢᠨ ᠪᠠᠶ᠋ᠢᠳᠠᠭ᠃

      ᠦᠮᠡᠬᠡᠢ ᠨᠢᠴᠦᠭᠦᠨ ᠬᠤᠪᠣᠯᠣ᠄ ᠬᠦᠬᠦᠷ᠎ᠤᠨ ᠳᠠᠪᠬᠤᠷ ᠢᠰᠦᠯ᠂ ᠹᠯᠤᠷ᠎ᠤᠨ ᠤᠰᠤᠲᠦ᠋ᠷᠦᠭᠴᠢ ᠾᠯᠣᠷ᠎ᠢ ᠡᠰᠡᠷᠭᠦᠴᠡᠳᠡᠭ᠂ ᠲᠣᠭᠤᠰᠣ ᠤᠳᠠᠭ᠎ᠠ ᠵᠢ ᠳᠠᠭ᠋ᠠᠭ᠋ᠠᠳᠠᠭ ᠪᠥᠭᠡᠳ ᠪᠠᠺᠲ᠋ᠧᠷᠢ ᠠᠯᠠᠬᠤ ᠴᠢᠳᠠᠪᠤᠷᠢ᠎ᠨᠢ ᠨᠡᠯᠢᠶᠡᠳ ᠴᠢᠩᠭ᠎ᠠ ᠶᠤᠮ᠃ ᠨᠠᠪᠴᠢᠨ᠎ᠳᠤᠨᠢ ᠰᠠᠪᠤᠩᠯᠢᠭ ᠡᠳ᠋᠂ ᠲᠠᠨᠢᠨ᠂ ᠦᠨᠦᠷ᠎ᠤᠨ ᠣᠬᠢ ᠵᠡᠷᠭᠡ ᠠᠭᠤᠯᠤᠭᠳᠠᠵᠤ ᠪᠠᠶ᠋ᠢᠳᠠᠭ᠃ ᠪᠤᠰᠤᠳ ᠵᠦᠢ᠍ᠯ᠎ᠤᠨ ᠬᠤᠷᠣᠬᠠᠢ ᠠᠯᠠᠬᠤ ᠪᠣᠳᠠᠰ᠎ᠲᠠᠢ ᠬᠤᠯᠢᠵᠤ ᠨᠠᠶ᠋ᠢᠷᠠᠭᠤᠯᠤᠭ᠋ᠠᠳ ᠡᠮ ᠪᠣᠯᠭ᠋ᠠᠪᠠᠯ ᠬᠤᠣᠷᠲᠤ ᠬᠤᠷᠣᠬᠠᠢ ᠵᠢ ᠤᠰᠠᠳᠬᠠᠬᠤ᠎ᠳᠤ ᠬᠡᠷᠡᠭᠯᠡᠵᠦ ᠪᠣᠯᠣᠨ᠎ᠠ᠃

      ᠨᠣᠬᠠᠢ ᠬᠤᠰᠢ᠄ ᠰᠢᠯᠮᠦᠦᠰᠦ ᠪᠣᠯᠣᠨ ᠳᠠᠪᠠᠷᠬᠠᠢ᠎ᠨᠢ ᠢᠰᠦᠯᠳᠦᠭᠡᠳ ᠦᠮᠡᠬᠡᠢ ᠦᠨᠦᠷ ᠬᠠᠩᠬᠤᠯᠳᠠᠭ᠂ ᠪᠠᠭ᠎ᠠ ᠬᠡᠮᠵᠢᠶᠡᠨ᠎ᠤ ᠦᠮᠡᠬᠡᠢ ᠦᠨᠦᠷ᠎ᠨᠢ ᠠᠭ᠋ᠠᠷ᠎ᠢ ᠴᠡᠪᠡᠷᠰᠢᠭᠦᠯᠬᠦ ᠦᠢ᠍ᠯᠡᠳᠦᠯ᠎ᠲᠠᠢ᠃

      ᠴᠢᠨ᠋ᠸ᠎ᠠ ᠵᠢᠨ ᠬᠠᠷᠮᠠᠭ᠄ ᠬᠦᠬᠦᠷ᠎ᠤᠨ ᠳᠠᠪᠬᠤᠷ ᠢᠰᠦᠯ᠂ ᠬᠦᠬᠦᠷᠲᠦ ᠤᠰᠤᠲᠦ᠋ᠷᠦᠭᠴᠢ ᠪᠠ ᠾᠯᠣᠷ᠎ᠤᠨ ᠪᠤᠵᠠᠷᠲᠤᠯ᠎ᠢ ᠡᠰᠡᠷᠭᠦᠴᠡᠳᠡᠭ᠂ ᠬᠦᠴᠢᠯ ᠪᠠ ᠠᠽᠣᠲ ᠢᠰᠦᠯ᠎ᠤᠨ ᠨᠢᠭᠡᠳᠦᠯ᠎ᠲᠠᠢ ᠡᠰᠡᠷᠭᠦᠴᠡᠯᠳᠦᠬᠦ ᠴᠢᠨᠠᠷ ᠵᠶ᠋ᠠᠷ ᠨᠡᠯᠢᠶᠡᠳ ᠴᠢᠩᠭ᠎ᠠ᠂ ᠠᠭ᠋ᠠᠷ ᠮᠠᠨᠳᠠᠯ᠎ᠤᠨ ᠪᠤᠵᠠᠷᠲᠤᠯ ᠬᠦᠨᠳᠦ ᠰᠦᠷᠡᠬᠡᠢ ᠭᠠᠵᠠᠷ ᠣᠷᠣᠨ᠎ᠢ ᠨᠣᠭᠤᠭ᠋ᠠᠷᠠᠭᠤᠯᠬᠤ ᠮᠣᠳᠣ ᠪᠣᠯᠭ᠋ᠠᠵᠤ ᠪᠣᠯᠣᠨ᠎ᠠ᠃

      ᠦᠷᠭᠡᠰᠥᠲᠦ ᠬᠤᠩᠭᠤᠷᠴᠣᠭᠲᠤ ᠮᠣᠳᠣ᠄ ᠠᠭ᠋ᠠᠷ᠎ᠲᠠᠬᠢ ᠬᠦᠬᠦᠷ᠎ᠤᠨ ᠳᠠᠪᠬᠤᠷ ᠢᠰᠦᠯ᠂ ᠾᠯᠣᠷ᠂ ᠹᠯᠣᠷᠲᠤ ᠤᠰᠤᠲᠦ᠋ᠷᠦᠭᠴᠢ ᠵᠡᠷᠭᠡ ᠬᠤᠣᠷᠲᠤ ᠬᠡᠢ ᠵᠢ ᠴᠡᠪᠡᠷᠰᠢᠭᠦᠯᠬᠦ ᠵᠶ᠋ᠠᠷ ᠨᠡᠯᠢᠶᠡᠳ ᠴᠢᠩᠭ᠎ᠠ᠂ ᠬᠠᠷ᠎ᠠ ᠲᠤᠭᠤᠯᠭ᠎ᠠ ᠵᠢᠨ ᠠᠭᠤᠷ᠎ᠢ ᠰᠤᠷᠤᠨ ᠠᠪᠬᠤ ᠴᠢᠳᠠᠪᠤᠷᠢ᠎ᠪᠠᠷ ᠴᠤ᠌ ᠨᠡᠯᠢᠶᠡᠳ ᠰᠠᠶ᠋ᠢᠨ ᠪᠠᠶ᠋ᠢᠳᠠᠭ᠃


      《ᠮᠠᠯ ᠲᠠᠷᠢᠶᠠᠯᠠᠩ᠎ᠤᠨ ᠬᠡᠷᠡᠭᠯᠡᠭᠡᠨ᠎ᠤ ᠰᠢᠨ᠎ᠡ ᠮᠡᠷᠭᠡᠵᠢᠯ》 ᠨᠣᠮ᠎ᠠᠴᠠ ᠪᠠᠭᠤᠯᠭ᠋ᠠᠪᠠ᠃

ᠢᠷᠡᠯᠲᠡ᠄ 《ᠮᠠᠯ ᠲᠠᠷᠢᠶᠠᠯᠠᠩ᠎ᠤᠨ ᠬᠡᠷᠡᠭᠯᠡᠭᠡᠨ᠎ᠤ ᠰᠢᠨ᠎ᠡ ᠮᠡᠷᠭᠡᠵᠢᠯ》
          
ᠬᠠᠮᠢᠶ᠎ᠡ ᠪᠦᠬᠦᠢ ᠰᠣᠨᠢᠨ
ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠳᠤ ᠶᠠᠮᠠᠷ ᠶᠠᠮᠠᠷ ᠴᠢᠬᠤᠯᠠ ᠰᠢᠭᠤᠢ᠌ᠲᠤ ᠤᠷᠤᠨ ᠪᠠᠢ᠌ᠬᠤ ᠪᠤᠢ?
ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠴᠢᠬᠤᠯᠠ ᠠᠵᠤ ᠠᠬᠤᠢ ᠵᠢᠨ ᠤᠢ ᠵᠢᠨ ᠮᠤᠳᠤᠨ᠎ᠤ ᠲᠦᠷᠦᠯ᠎ᠳᠤ ᠶᠠᠭᠤ ᠪᠠᠢ᠌ᠬᠤ ᠪᠤᠢ? ᠲᠠᠷᠬᠠᠯᠳᠠ᠎ᠨᠢ ᠶᠠᠮᠠᠷ ᠪᠤᠢ?
ᠶᠠᠭᠤ ᠵᠢ ᠲᠤᠷᠤᠭ ᠮᠤᠳᠤ᠂ ᠶᠠᠭᠤ ᠵᠢ ᠪᠤᠳᠠᠯᠢᠭ ᠮᠤᠳᠤ ᠭᠡᠬᠦ ᠪᠤᠢ?
ᠮᠤᠳᠤ ᠶᠠᠭ᠋ᠠᠬᠢᠭ᠋ᠠᠳ ᠭᠡᠮ ᠬᠤᠷᠤᠬᠠᠢ᠎ᠳᠤ ᠨᠡᠷᠪᠡᠭᠳᠡᠳᠡᠭ ᠪᠤᠢ?
ᠶᠦᠷᠬᠦᠭ᠎ᠤᠨ ᠲᠦᠷᠦᠯ᠎ᠤᠨ ᠲᠡᠵᠢᠭᠡᠯ ᠡᠪᠡᠰᠦᠨ᠎ᠤ ᠪᠢᠤᠯᠤᠭᠢ ᠵᠢᠨ ᠤᠨᠴᠠᠯᠢᠭ ᠪᠠ ᠠᠵᠤ ᠠᠬᠤᠢ ᠵᠢᠨ ᠦᠨ᠎ᠡ ᠦᠷᠲᠡᠭ
 
             蒙ICP备05000248号