ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠥᠪᠥᠷ ᠮᠣᠩᠭᠤᠯ᠎ᠤᠨ ᠵᠡᠭᠦᠨ ᠬᠤᠶ᠋ᠢᠲᠤ ᠵᠢᠨ ᠬᠠᠷ᠎ᠠ ᠬᠥᠷᠥᠰᠥ ᠵᠢ ᠬᠠᠮᠠᠭ᠋ᠠᠯᠠᠨ ᠠᠰᠢᠭᠯᠠᠬᠤ ᠮᠡᠷᠭᠡᠵᠢᠯ᠎ᠤᠨ ᠵᠠᠭᠪᠤᠷ (ᠨᠢᠭᠡ)
ᠨᠡᠶ᠋ᠢᠲᠡᠯᠡᠭᠰᠡᠨ ᠴᠠᠭ᠄ 2024-06-11


    ᠥᠪᠥᠷ ᠮᠣᠩᠭᠤᠯ᠎ᠤᠨ ᠶᠡᠭᠡ ᠬᠢᠩᠭ᠋ᠠᠨ ᠳᠠᠪᠠᠭ᠎ᠠ ᠵᠢᠨ ᠠᠷᠤ ᠬᠤᠷᠮᠣᠢ ᠵᠢᠨ ᠥᠨᠳᠥᠷ ᠬᠦᠢ᠍ᠲᠡᠨ ᠭᠠᠩ ᠬᠠᠭᠤᠷᠠᠢ ᠣᠷᠣᠨ᠎ᠤ ᠬᠠᠷ᠎ᠠ ᠬᠥᠷᠥᠰᠥᠨ᠎ᠳᠤ ᠡᠩ᠎ᠤᠨ ᠲᠠᠷᠢᠶᠠᠯᠠᠭ᠎ᠠ ᠵᠢᠨ ᠨᠥᠬᠦᠴᠡᠯ ᠳᠣᠣᠷ᠎ᠠ᠂ ᠬᠠᠪᠤᠷ᠎ᠤᠨ ᠤᠯᠠᠷᠢᠯ᠎ᠳᠤ ᠰᠠᠯᠬᠢ ᠶᠡᠭᠡ᠂ ᠭᠠᠵᠠᠷ᠎ᠤᠨ ᠬᠦᠷᠦᠰᠦ᠎ᠨᠢ ᠢᠯᠡ᠂ ᠲᠠᠷᠢᠶᠠᠯᠠᠬᠤ ᠳᠠᠪᠬᠤᠷᠭ᠎ᠠ ᠵᠢᠨ ᠬᠥᠷᠥᠰᠥ ᠰᠢᠷᠣᠢ ᠵᠢᠨ ᠶᠠᠰᠤ ᠴᠢᠨᠠᠷ ᠰᠡᠶ᠋ᠢᠷᠡᠭ᠎ᠠᠴᠠ ᠪᠣᠯᠵᠤ ᠰᠠᠯᠬᠢᠨ᠎ᠳᠤ ᠢᠳᠡᠭᠳᠡᠵᠦ ᠡᠯᠡᠰᠦᠵᠢᠬᠦ᠎ᠨᠢ ᠬᠦᠨᠳᠦ ᠨᠣᠴᠢᠲᠠᠢ᠂ ᠬᠠᠷ᠎ᠠ ᠬᠥᠷᠥᠰᠥᠨ᠎ᠤ ᠳᠠᠪᠬᠤᠷᠭ᠎ᠠ ᠨᠢᠮᠭᠡᠷᠡᠬᠦ᠂ ᠲᠠᠷᠢᠶᠠᠯᠠᠬᠤ ᠳᠠᠪᠬᠤᠷᠭ᠎ᠠ ᠭᠦᠢ᠍ᠬᠡᠨ ᠪᠣᠯᠬᠤ ᠪᠠ ᠬᠥᠷᠥᠰᠥᠨ᠎ᠤ ᠰᠢᠮ᠎ᠡ ᠲᠡᠵᠢᠭᠡᠯ ᠠᠯᠳᠠᠭᠳᠠᠬᠤ᠂ ᠬᠠᠪᠤᠷ᠎ᠤᠨ ᠭᠠᠩ ᠬᠠᠭᠤᠷᠠᠢ᠂ ᠳᠣᠣᠷ᠎ᠠ ᠳᠤᠯᠠᠭ᠋ᠠᠨ ᠵᠡᠷᠭᠡ ᠠᠰᠠᠭᠤᠳᠠᠯ᠎ᠳᠤ ᠴᠢᠭᠯᠡᠭᠦᠯᠦᠨ᠂ ᠪᠤᠭᠤᠳᠠᠢ ᠰᠢᠯᠢᠮᠳᠡᠭ ᠡᠭᠡᠯᠵᠢᠯᠡᠨ ᠲᠠᠷᠢᠵᠤ ᠬᠠᠭ᠋ᠠᠯᠪᠤᠷᠢᠯᠠᠬᠤ ᠦᠭᠡᠢ᠎ᠪᠠᠷ ᠡᠰᠢ ᠰᠦᠷᠡᠯ᠎ᠢ ᠲᠠᠷᠢᠶᠠᠨ ᠭᠠᠵᠠᠷ᠎ᠲᠤ ᠪᠤᠴᠠᠭ᠋ᠠᠬᠤ ᠮᠡᠷᠭᠡᠵᠢᠯ᠎ᠤᠨ ᠵᠠᠭᠪᠤᠷ᠎ᠢ ᠲᠥᠪᠯᠡᠷᠡᠭᠦᠯᠦᠨ ᠲᠠᠨᠢᠯᠴᠠᠭᠤᠯᠤᠨ᠎ᠠ᠃

    ᠭᠤᠣᠯ ᠦᠨᠳᠦᠰᠦᠯᠡᠯ᠎ᠨᠢ᠄ ᠡᠷᠳᠡᠨᠢ ᠰᠢᠰᠢ ᠵᠢᠨ ᠡᠰᠢ ᠰᠦᠷᠡᠯ᠎ᠢ ᠲᠠᠷᠢᠶᠠᠨ ᠭᠠᠵᠠᠷ᠎ᠲᠤ ᠪᠤᠴᠠᠭ᠋ᠠᠬᠤ᠎ᠨᠢ ᠬᠥᠷᠥᠰᠥ ᠰᠢᠷᠣᠢ ᠵᠢᠨ ᠰᠠᠯᠬᠢᠨ᠎ᠳᠤ ᠢᠳᠡᠭᠳᠡᠵᠦ ᠡᠯᠡᠰᠦᠵᠢᠬᠦ ᠵᠢ ᠰᠡᠷᠭᠡᠶ᠋ᠢᠯᠡᠨ ᠵᠠᠰᠠᠵᠤ᠂ ᠤᠰᠤ ᠰᠢᠷᠣᠢ ᠵᠢᠨ ᠢᠳᠡᠭᠳᠡᠯ᠎ᠢ ᠪᠠᠭ᠋ᠠᠰᠬᠠᠨ᠂ ᠬᠥᠷᠥᠰᠥ ᠰᠢᠷᠣᠢ ᠵᠢ ᠰᠢᠮᠡᠵᠢᠭᠦᠯᠵᠦ᠂ ᠬᠥᠷᠥᠰᠥ ᠰᠢᠷᠣᠢ ᠵᠢᠨ ᠤᠰᠤ ᠬᠠᠳᠠᠭ᠋ᠠᠯᠠᠵᠤ ᠭᠠᠩ᠎ᠲᠠᠢ ᠲᠡᠮᠡᠴᠡᠬᠦ ᠴᠢᠳᠠᠪᠤᠷᠢ ᠵᠢ ᠳᠡᠭᠡᠭᠰᠢᠯᠡᠭᠦᠯᠵᠦ᠂ ᠵᠦᠢ ᠵᠣᠬᠢᠰᠲᠠᠢ ᠡᠭᠡᠯᠵᠢᠯᠡᠨ ᠲᠠᠷᠢᠬᠤ ᠪᠠ ᠬᠠᠭ᠋ᠠᠯᠪᠤᠷᠢᠯᠠᠬᠤ ᠦᠭᠡᠢ᠎ᠪᠠᠷ ᠲᠠᠷᠢᠬᠤ ᠮᠡᠷᠭᠡᠵᠢᠯ᠎ᠢ ᠢᠵᠢ ᠪᠦᠷᠢᠳᠦᠭᠦᠯᠦᠨ ᠬᠡᠷᠡᠭᠵᠢᠭᠦᠯᠵᠦ᠂ ᠬᠥᠷᠥᠰᠥ ᠰᠢᠷᠣᠢ ᠵᠢᠨ ᠰᠠᠯᠬᠢᠨ᠎ᠳᠤ ᠢᠳᠡᠭᠳᠡᠵᠦ ᠡᠯᠡᠰᠦᠵᠢᠬᠦ ᠵᠢ ᠪᠦᠲᠦᠮᠵᠢᠲᠡᠶ ᠰᠡᠷᠭᠡᠶ᠋ᠢᠯᠡᠨ ᠵᠠᠰᠠᠵᠤ᠂ ᠬᠥᠷᠥᠰᠥ ᠰᠢᠷᠣᠢ ᠵᠢ ᠢᠳᠡᠭ ᠢᠳᠡᠭ ᠵᠶ᠋ᠠᠷ ᠰᠢᠮᠡᠵᠢᠭᠦᠯᠦᠨ᠂ ᠬᠥᠷᠥᠰᠥ ᠰᠢᠷᠣᠢ ᠵᠢᠨ ᠭᠠᠩ᠎ᠲᠠᠢ ᠲᠡᠮᠡᠴᠡᠬᠦ ᠴᠢᠳᠠᠪᠤᠷᠢ ᠵᠢ ᠳᠡᠭᠡᠭᠰᠢᠯᠡᠭᠦᠯᠵᠦ᠂ ᠬᠠᠷ᠎ᠠ ᠬᠥᠷᠥᠰᠥ ᠵᠢ ᠬᠠᠮᠠᠭ᠋ᠠᠯᠠᠵᠤ ᠠᠰᠢᠭᠯᠠᠬᠤ ᠵᠢ ᠬᠠᠮᠲᠤ᠎ᠳᠤᠨᠢ ᠬᠠᠷᠠᠭ᠋ᠠᠯᠵᠠᠬᠤ ᠵᠣᠷᠢᠯᠭ᠎ᠠ᠎ᠳᠤ ᠬᠦᠷᠦᠭᠦᠯᠦᠨ᠎ᠡ᠃ ᠲᠣᠰ ᠵᠠᠭᠪᠤᠷ᠎ᠨᠢ ᠲᠠᠷᠢᠶᠠᠨ ᠭᠠᠵᠠᠷ᠎ᠤᠨ ᠶᠠᠰᠤ ᠴᠢᠨᠠᠷ᠎ᠢ ᠳᠤᠮᠳᠠᠴᠢ᠎ᠪᠠᠷ 0.2 ᠲᠠᠰ ᠳᠡᠭᠡᠭᠰᠢᠯᠡᠭᠦᠯᠵᠦ᠂ ᠲᠠᠷᠢᠶᠠᠯᠠᠬᠤ ᠳᠠᠪᠬᠤᠷᠭ᠎ᠠ ᠵᠢᠨ ᠵᠤᠵᠠᠭ᠋ᠠᠨ᠎ᠤ ᠬᠡᠮᠵᠢᠶ᠎ᠡ ᠵᠢ 30cm᠎ᠠᠴᠠ ᠳᠡᠭᠡᠭᠰᠢ ᠪᠣᠯᠲᠠᠯ᠎ᠠ ᠨᠡᠮᠡᠭᠳᠡᠭᠦᠯᠵᠦ᠂ ᠪᠤᠭᠤᠳᠠᠢ ᠵᠢᠨ ᠲᠥᠷᠥᠯ᠂ ᠰᠢᠯᠢᠮᠳᠡᠭ᠎ᠤᠨ ᠭᠠᠷᠤᠯᠲᠠ ᠵᠢ 10% ᠣᠷᠴᠢᠮ ᠵᠶ᠋ᠠᠷ ᠨᠡᠮᠡᠭᠳᠡᠭᠦᠯᠦᠨ᠎ᠡ᠃ ᠲᠣᠰ ᠮᠡᠷᠭᠡᠵᠢᠯ᠎ᠤᠨ ᠵᠠᠭᠪᠤᠷ᠎ᠢ ᠨᠢᠭᠡᠨᠲᠡ ᠶᠠᠭᠰᠢ ᠬᠤᠲᠠ᠂ ᠬᠠᠶ᠋ᠢᠯᠠᠷ ᠲᠣᠭᠤᠷᠢᠭ᠂ ᠡᠷᠭᠦᠨ᠎ᠡ ᠬᠤᠲᠠ ᠵᠡᠷᠭᠡ ᠭᠠᠵᠠᠷ ᠣᠷᠣᠨ᠎ᠳᠤ ᠳᠡᠯᠭᠡᠷᠡᠭᠦᠯᠦᠨ ᠵᠢᠱ᠌ᠢᠶ᠎ᠡ ᠦᠵᠡᠭᠦᠯᠪᠡ᠃

     ᠮᠡᠷᠭᠡᠵᠢᠯ᠎ᠤᠨ ᠭᠤᠣᠯᠳᠠᠯᠭ᠎ᠠ᠄ ᠬᠤᠶᠠᠷ ᠵᠢᠯ ᠵᠶ᠋ᠠᠷ ᠨᠢᠭᠡ ᠦᠶᠡᠯᠡᠯ᠎ᠤᠨ ᠬᠤᠭᠤᠴᠠᠭ᠎ᠠ ᠪᠣᠯᠭ᠋ᠠᠵᠤ᠂ ᠪᠤᠭᠤᠳᠠᠢ ᠰᠢᠯᠢᠮᠳᠡᠭ ᠡᠭᠡᠯᠵᠢᠯᠡᠨ ᠲᠠᠷᠢᠵᠤ ᠬᠠᠭ᠋ᠠᠯᠪᠤᠷᠢᠯᠠᠬᠤ ᠦᠭᠡᠢ᠎ᠪᠠᠷ ᠡᠰᠢ ᠰᠦᠷᠡᠯ᠎ᠢ ᠲᠠᠷᠢᠶᠠᠨ ᠭᠠᠵᠠᠷ᠎ᠲᠤ ᠪᠤᠴᠠᠭ᠋ᠠᠬᠤ ᠮᠡᠷᠭᠡᠵᠢᠯ᠎ᠢ ᠬᠡᠷᠡᠭᠵᠢᠭᠦᠯᠦᠨ᠎ᠡ᠂ ᠳᠠᠷᠤᠢ᠄ ᠨᠢᠭᠡᠳᠦᠭᠡᠷ ᠵᠢᠯ᠎ᠳᠤ ᠪᠤᠭᠤᠳᠠᠢ (ᠠᠷᠪᠠᠢ) ᠳᠠᠷᠢᠵᠤ᠂ ᠮᠠᠰᠢᠨ ᠵᠶ᠋ᠠᠷ ᠬᠤᠷᠢᠶᠠᠵᠤ ᠭᠤᠤᠷᠰᠤ ᠵᠢ᠎ᠨᠢ ᠦᠯᠡᠳᠡᠭᠡᠨ᠎ᠡ᠂ ᠥᠨᠳᠥᠷ᠎ᠤᠨ ᠬᠡᠮᠵᠢᠶ᠎ᠡ᠎ᠨᠢ 15~20cm ᠪᠠᠶ᠋ᠢᠵᠤ᠂ ᠡᠰᠢ ᠰᠦᠷᠡᠯ᠎ᠢ ᠬᠡᠮᠬᠡᠯᠦᠭᠰᠡᠨ᠎ᠤ ᠳᠠᠷᠠᠭ᠎ᠠ ᠭᠠᠵᠠᠷ᠎ᠤᠨ ᠬᠦᠷᠦᠰᠦᠨ ᠲᠡᠭᠡᠷ᠎ᠡ ᠵᠢᠭᠳᠡ᠎ᠪᠠᠷ ᠰᠠᠴᠤᠨ᠎ᠠ᠃ ᠭᠡᠬᠦ᠎ᠳᠡᠭᠡᠨ 100% ᠵᠶ᠋ᠠᠷ ᠪᠦᠷᠬᠦᠭᠦᠯᠵᠦ᠂ ᠰᠠᠴᠤᠭᠰᠠᠨ ᠨᠢᠮᠭᠡᠨ ᠵᠤᠵᠠᠭ᠋ᠠᠨ᠎ᠨᠢ ᠨᠢᠭᠡᠳᠦᠯᠲᠡᠢ ᠪᠠᠶ᠋ᠢᠬᠤ ᠬᠡᠷᠡᠭᠲᠡᠢ; ᠳᠠᠷᠠᠭ᠎ᠠ ᠵᠢᠯ ᠎ᠳᠤᠨᠢ ᠨᠠᠷᠬ᠎ᠠ ᠵᠢᠨ ᠭᠤᠤᠷᠰᠤ ᠵᠢ ᠬᠠᠭ᠋ᠠᠯᠪᠤᠷᠢᠯᠠᠬᠤ ᠦᠭᠡᠢ᠎ᠪᠠᠷ ᠰᠢᠯᠢᠮᠳᠡᠭ ᠲᠠᠷᠢᠵᠤ᠂ ᠨᠠᠮᠤᠷ᠎ᠤᠨ ᠤᠯᠠᠷᠢᠯ᠎ᠳᠤ ᠬᠠᠳᠤᠵᠤ ᠡᠭᠡᠭᠡᠬᠦ ᠦᠶ᠎ᠡ᠎ᠳᠤ ᠭᠤᠤᠷᠰᠤ ᠦᠯᠡᠳᠡᠭᠡᠬᠦ ᠥᠨᠳᠥᠷ᠎ᠤᠨ ᠬᠡᠮᠵᠢᠶ᠎ᠡ ᠵᠢ ᠶᠡᠷᠦ᠎ᠳᠡᠭᠡᠨ 20~25cm ᠣᠷᠴᠢᠮ ᠪᠠᠶ᠋ᠢᠯᠭ᠋ᠠᠳᠠᠭ᠃
    

 

ᠢᠷᠡᠯᠲᠡ᠄ ᠦᠪᠦᠷ ᠮᠣᠩᠭᠤᠯ᠎ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ᠎ᠤ ᠲᠢᠩᠬᠢᠮ
          
ᠬᠠᠮᠢᠶ᠎ᠡ ᠪᠦᠬᠦᠢ ᠰᠣᠨᠢᠨ
 
             蒙ICP备05000248号