ᠨᠠᠨ ᠭᠦᠸᠸ ᠯᠢ ᠠᠯᠢᠮ᠎ᠠ ᠪᠤᠯ ᠵᠡᠷᠯᠢᠭ ᠠᠯᠢᠮ᠎ᠠ ᠵᠢᠨ ᠰᠢᠰᠲ᠋ᠧᠮᠲᠦ ᠰᠢᠯᠢᠳᠡᠭ ᠰᠠᠢ᠌ᠨ ᠲᠦᠷᠦᠯ ᠵᠦᠢ᠍ᠯ ᠪᠤᠯᠤᠨ᠎ᠠ᠃ ᠲᠤᠰ ᠡᠭᠦᠯᠳᠡᠷ᠎ᠢ ᠮᠠᠨ᠎ᠤ ᠤᠷᠤᠨ᠎ᠤ ᠵᠤᠩᠬᠢᠯᠠᠬᠤ ᠤᠷᠤᠨ ᠵᠶ᠋ᠠᠷ ᠪᠦᠷ ᠲᠠᠷᠢᠵᠦ ᠪᠤᠢ᠌ᠵᠢᠭᠤᠯᠵᠤ ᠪᠤᠯᠤᠨ᠎ᠠ᠃ ᠵᠠᠢ᠌ᠯᠠᠭ᠋ᠠᠳ 4~5 ᠵᠢᠯ ᠪᠤᠯᠤᠭᠰᠠᠨ᠎ᠤ ᠰᠡᠭᠦᠯᠡᠷ ᠵᠢᠮᠢᠰ ᠰᠠᠭᠤᠨ᠎ᠠ᠃ ᠡᠯᠪᠡᠭ ᠬᠤᠷᠢᠶᠠᠯᠳᠠ᠎ᠳᠤ ᠴᠢᠨᠠᠷᠲᠠᠢ᠃ ᠵᠢᠮᠢᠰᠯᠡᠬᠦ ᠴᠢᠳᠠᠪᠤᠷᠢ᠎ᠨᠢ ᠦᠨᠳᠦᠷ᠂ ᠵᠢᠮᠢᠰ᠎ᠤᠨ ᠲᠡᠭᠲᠦ ᠵᠢᠨ ᠮᠦᠴᠢᠷ᠎ᠨᠢ ᠲᠤᠰ ᠵᠢᠯ᠎ᠳᠡᠭᠡᠨ ᠴᠡᠴᠡᠭ᠎ᠤᠨ ᠨᠠᠬᠢᠶ᠎ᠠ ᠪᠦᠷᠢᠯᠳᠦᠬᠦᠯᠦᠨ᠎ᠡ᠃ ᠨᠠᠪᠴᠢᠨ᠎ᠤ ᠦᠪᠦᠷ᠎ᠤᠨ ᠴᠡᠴᠡᠭ᠎ᠤᠨ ᠨᠠᠬᠢᠶ᠎ᠠ᠎ᠪᠠᠷ ᠭᠤᠤᠯᠳᠠᠵᠤ ᠵᠢᠮᠢᠰᠯᠡᠬᠦ ᠬᠡᠪᠰᠢᠯ᠎ᠲᠠᠢ᠃
ᠲᠤᠰ ᠲᠦᠷᠦᠯ ᠵᠦᠢ᠍ᠯ᠎ᠤᠨ ᠬᠦᠢ᠍ᠲᠡᠨ᠎ᠢ ᠲᠡᠰᠪᠦᠷᠢᠯᠡᠬᠦ ᠴᠢᠳᠠᠪᠤᠷᠢ᠎ᠨᠢ ᠲᠤᠩ ᠴᠢᠩᠭ᠎ᠠ ᠲᠤᠯᠠ ᠬᠦᠢ᠍ᠲᠡᠨ ᠤᠷᠤᠨ᠎ᠳᠤ ᠪᠤᠢ᠌ᠵᠢᠭᠤᠯᠬᠤ᠎ᠳᠤ ᠲᠤᠬᠢᠷᠠᠮᠵᠢᠳᠠᠢ᠃ ᠦᠷ᠎ᠡ ᠵᠢᠮᠢᠰ᠎ᠤᠨ ᠪᠡᠶ᠎ᠡ ᠪᠢᠯᠳᠠᠷ᠎ᠨᠢ ᠵᠢᠵᠢᠭ᠂ ᠲᠡᠭᠰᠢᠳᠬᠡᠭᠰᠡᠨ ᠬᠦᠨᠳᠦ᠎ᠨᠢ 45g᠃ ᠭᠡᠪᠡᠴᠦ ᠵᠠᠷᠢᠮ ᠲᠤᠮᠤ ᠵᠢᠮᠢᠰ᠎ᠨᠢ 300g ᠲᠤᠯᠳᠠᠭ᠃ ᠦᠷ᠎ᠡ ᠵᠢᠮᠢᠰ᠎ᠤᠨ ᠶᠡᠬᠡ ᠪᠠᠭ᠎ᠠ᠎ᠨᠢ ᠨᠢᠭᠡᠳᠦᠯ ᠦᠭᠡᠢ᠂ ᠲᠤᠭᠤᠷᠢᠭ ᠬᠡᠯᠪᠡᠷᠢᠳᠠᠢ ᠪᠤᠶᠤ ᠬᠠᠪᠳᠠᠭ᠋ᠠᠢ᠌ᠯᠢᠭ ᠳᠤᠭᠤᠷᠢᠭ ᠬᠡᠯᠪᠡᠷᠢᠳᠠᠢ᠃ ᠵᠢᠮᠢᠰ᠎ᠤᠨ ᠬᠠᠯᠢᠰᠤ ᠵᠢᠨ ᠳᠡᠪᠢᠰᠭᠡᠷ ᠦᠩᠭᠡ᠎ᠨᠢ ᠰᠢᠷᠠᠪᠳᠤᠷ᠂ ᠨᠠᠷᠠᠰᠠᠭ ᠲᠠᠯ᠎ᠠ᠎ᠨᠢ ᠭᠠᠯ ᠤᠯᠠᠭ᠋ᠠᠨ ᠪᠠᠢ᠌ᠳᠠᠭ᠃ ᠭᠠᠳᠠᠷ ᠲᠦᠷᠰᠦ᠎ᠨᠢ ᠲᠤᠩ ᠭᠤᠶᠤᠮᠰᠤᠭ᠃ ᠰᠢᠬᠢᠷᠯᠢᠭ ᠠᠮᠳᠠᠳᠠᠢ᠃ ᠵᠢᠮᠢᠰ᠎ᠤᠨ ᠮᠢᠬ᠎ᠠ᠎ᠨᠢ ᠬᠡᠦᠷᠡᠭ᠂ ᠰᠢᠭᠦᠰᠦ ᠡᠯᠪᠡᠭ᠂ ᠠᠩᠬᠢᠯᠤᠮ᠎ᠠ ᠦᠨᠦᠷ᠎ᠲᠠᠢ ᠪᠠᠢ᠌ᠳᠠᠭ᠃ ᠦᠷ᠎ᠡ ᠵᠢᠮᠢᠰ᠎ᠨᠢ 15— 20 ᠡᠳᠦᠷ ᠬᠠᠳᠠᠭ᠋ᠠᠯᠠᠭᠰᠠᠨ᠎ᠤ ᠰᠡᠭᠦᠯᠡᠷ ᠤᠯᠠᠮ ᠵᠦᠭᠡᠯᠡᠷᠡᠵᠦ ᠠᠮᠠᠨ᠎ᠳᠤ ᠤᠷᠤᠬᠤᠯ᠎ᠠ ᠠᠮᠳᠠᠷᠬᠠᠭ ᠪᠠᠢ᠌ᠳᠠᠭ᠃ ᠵᠢᠮᠢᠰ᠎ᠤᠨ ᠮᠢᠬᠠᠨ᠎ᠳᠤ ᠴᠢᠯᠠᠭᠤᠨ ᠡᠰ ᠴᠦᠬᠡᠨ᠂ ᠶᠠᠰᠤ ᠴᠢᠨᠠᠷ᠎ᠨᠢ ᠣᠬᠢ ᠰᠠᠢ᠌ᠨ ᠪᠠᠢ᠌ᠳᠠᠭ᠃ ᠮᠠᠨ᠎ᠤ ᠤᠷᠤᠨ᠎ᠳᠤ 9 ᠰᠠᠷ᠎ᠠ ᠵᠢᠨ ᠲᠤᠮᠳᠠᠴᠢ᠎ᠪᠠᠷ ᠪᠤᠯᠪᠠᠰᠤᠷᠠᠨ᠎ᠠ᠃ ᠭᠡᠪᠡᠴᠦ ᠬᠠᠳᠠᠭ᠋ᠠᠯᠠᠬᠤ᠎ᠳᠤ ᠲᠡᠰᠪᠦᠷᠢ ᠦᠭᠡᠢ᠃
《ᠵᠢᠮᠢᠰ᠎ᠤᠨ ᠮᠤᠳᠤ ᠢᠳᠡᠰᠢᠨ ᠨᠤᠭᠤᠭ᠎ᠠ ᠲᠠᠷᠢᠵᠦ ᠡᠵᠡᠩᠨᠡᠬᠦ ᠮᠡᠷᠭᠡᠵᠢᠯ》 ᠭᠡᠬᠦ ᠨᠤᠮ᠎ᠠᠴᠠ ᠪᠠᠭᠤᠯᠭ᠋ᠠᠪᠠ᠃