ᠮᠤᠳᠤᠨ᠎ᠤ ᠮᠠᠯᠠᠭ᠋ᠠᠢ᠌ᠷᠠᠯᠨᠢ ᠦᠷᠭᠡᠨ ᠱᠤᠷᠤᠯᠵᠢᠨ ᠬᠡᠯᠪᠡᠷᠢᠳᠠᠢ᠂ ᠰᠠᠯᠠᠭ᠎ᠠ ᠮᠦᠴᠢᠷ᠎ᠤᠨ ᠤᠷᠭᠤᠯᠳᠠ᠎ᠨᠢ ᠡᠭᠴᠡ ᠰᠢᠯᠤᠭᠤᠨ ᠪᠠᠢ᠌ᠳᠠᠭ᠃ ᠵᠢᠵᠢᠭ ᠰᠠᠯᠠᠭ᠎ᠠ ᠨᠠᠮᠠᠭ᠎ᠠ᠎ᠨᠢ ᠦᠰᠦᠷᠬᠡᠭ ᠪᠢᠰᠢ᠂ ᠬᠢᠯᠦᠭᠡᠷ᠂ ᠬᠠᠯᠢᠰᠤᠨ ᠰᠦᠪᠡ᠎ᠨᠢ ᠢᠯᠡ ᠲᠤᠳᠤᠷᠬᠠᠢ᠃ ᠨᠠᠪᠴᠢ᠎ᠨᠢ ᠵᠢᠵᠢᠭ᠂ ᠦᠨᠳᠡᠭᠡᠯᠢᠭ ᠬᠡᠯᠪᠡᠷᠢᠳᠠᠢ᠂ ᠬᠢᠯᠪᠠᠭ᠎ᠠ᠎ᠲᠠᠢ᠂ ᠨᠠᠪᠴᠢᠨ ᠪᠠᠷᠢᠭᠤᠯ᠎ᠨᠢ ᠨᠠᠷᠢᠬᠠᠨ ᠤᠷᠲᠤ ᠪᠠᠢ᠌ᠳᠠᠭ᠃
ᠰᠤᠯᠤᠩᠭᠤᠰ ᠶᠠᠩ ᠯᠢ ᠵᠢᠨ ᠬᠠᠮᠤᠭ ᠲᠤᠪᠤᠢ᠌ᠭᠰᠠᠨ ᠰᠠᠢ᠌ᠨ ᠲᠠᠯ᠎ᠠ ᠪᠤᠯ ᠡᠯᠪᠡᠭ ᠬᠤᠷᠢᠶᠠᠯᠳᠠ᠎ᠲᠠᠢ ᠪᠦᠭᠡᠳ ᠵᠢᠮᠢᠰ ᠰᠠᠭᠤᠬᠤ ᠬᠤᠭᠤᠴᠠᠭ᠎ᠠ᠎ᠨᠢ ᠤᠷᠲᠤ ᠪᠠᠢ᠌ᠳᠠᠭ᠃ ᠦᠷ᠎ᠡ ᠵᠢᠮᠢᠰ᠎ᠨᠢ ᠪᠦᠭᠡᠷᠡᠩᠬᠡᠢ ᠬᠡᠯᠪᠡᠷᠢᠳᠠᠢ᠃ ᠦᠩᠭᠡ᠎ᠨᠢ ᠨᠤᠭᠤᠭ᠋ᠠᠪᠲᠤᠷ᠂ ᠨᠠᠷᠠᠨ ᠲᠠᠯ᠎ᠠ᠎ᠨᠢ ᠤᠯᠠᠭ᠋ᠠᠨ ᠰᠤᠳᠠᠰᠤ᠎ᠲᠠᠢ᠃ ᠵᠢᠮᠢᠰ᠎ᠤᠨ ᠬᠠᠯᠢᠰᠤ᠎ᠨᠢ ᠨᠢᠮᠭᠡᠨ ᠪᠦᠭᠡᠳ ᠬᠢᠯᠦᠭᠡᠷ᠂ ᠵᠢᠮᠢᠰ᠎ᠤᠨ ᠮᠢᠬ᠎ᠠ᠎ᠨᠢ ᠵᠤᠵᠠᠭ᠋ᠠᠯᠢᠭ᠂ ᠴᠢᠯᠠᠭᠤᠨ ᠡᠰ ᠴᠦᠬᠡᠨ᠂ ᠰᠢᠬᠢᠷᠯᠢᠭ ᠠᠮᠳᠠᠳᠠᠢ᠂ ᠰᠢᠭᠦᠰᠦ ᠡᠯᠪᠡᠭ᠂ ᠦᠷ᠎ᠡ ᠵᠢᠮᠢᠰ᠎ᠢ ᠲᠡᠭᠦᠵᠦ ᠠᠪᠤᠭᠰᠠᠨ᠎ᠤ ᠰᠡᠭᠦᠯᠡᠷ ᠰᠡᠭᠦᠯᠴᠢ ᠵᠢᠨ ᠪᠤᠯᠪᠠᠰᠤᠷᠠᠯᠲᠠ ᠵᠢ ᠦᠩᠭᠡᠷᠡᠪᠡᠯ ᠤᠯᠠᠮ ᠠᠮᠳᠠᠯᠢᠭ ᠪᠤᠯᠳᠠᠭ᠃ ᠴᠢᠨᠠᠷ᠎ᠨᠢ ᠰᠢᠯᠢᠳᠡᠭ ᠰᠠᠢ᠌ᠨ ᠶᠤᠮ᠃ ᠳᠤᠬᠢᠷᠠᠯᠴᠠᠬᠤ ᠴᠢᠨᠠᠷ᠎ᠨᠢ ᠴᠢᠩᠭ᠎ᠠ᠂ ᠬᠦᠢ᠍ᠲᠡᠨ᠎ᠳᠤ ᠲᠡᠰᠪᠦᠷᠢᠳᠠᠢ ᠪᠦᠭᠡᠳ ᠬᠢᠷᠠᠭᠤ ᠵᠢ ᠳᠠᠭ᠋ᠠᠭ᠋ᠠᠨ᠎ᠠ᠃ ᠵᠦᠪᠬᠡᠨ ᠬᠠᠳᠠᠭ᠋ᠠᠯᠠᠯᠳᠠ᠎ᠳᠤ ᠲᠡᠰᠪᠦᠷᠢ ᠦᠭᠡᠢ᠃ ᠲᠤᠯᠠᠭ᠋ᠠᠨ ᠪᠦᠯᠢᠶᠠᠨ᠂ ᠪᠠᠭ᠎ᠠ ᠠᠭᠤᠷ ᠠᠮᠢᠰᠬᠤᠯ ᠰᠠᠢ᠌ᠲᠠᠢ ᠬᠦᠷᠢᠶ᠎ᠠ ᠬᠠᠰᠢᠶᠠᠨ᠎ᠳᠤ ᠪᠤᠢ᠌ᠵᠢᠭᠤᠯᠪᠠᠯ ᠶᠡᠬᠡ ᠳᠤᠬᠢᠷᠠᠨ᠎ᠠ᠃ ᠮᠦᠨᠴᠤ ᠠᠯᠮᠤᠷᠠᠳᠯᠢᠭᠯᠤᠭᠠ ᠬᠠᠷᠢᠯᠴᠠᠨ ᠲᠤᠭᠤᠰᠤ ᠬᠦᠷᠲᠡᠭᠡᠳᠡᠭ᠃
《ᠵᠢᠮᠢᠰ᠎ᠤᠨ ᠮᠤᠳᠤ ᠢᠳᠡᠰᠢᠨ ᠨᠤᠭᠤᠭ᠎ᠠ ᠲᠠᠷᠢᠵᠦ ᠡᠵᠡᠩᠨᠡᠬᠦ ᠮᠡᠷᠭᠡᠵᠢᠯ》 ᠭᠡᠬᠦ ᠨᠤᠮ᠎ᠠᠴᠠ ᠪᠠᠭᠤᠯᠭ᠋ᠠᠪᠠ᠃