ᠲᠤᠰ ᠡᠭᠦᠯᠳᠡᠷ ᠪᠤᠯ ᠤᠬᠢ ᠰᠠᠢ᠌ᠨ ᠴᠢᠨᠠᠷᠲᠠᠢ ᠲᠦᠬᠦᠬᠡᠢ᠎ᠪᠠᠷ ᠢᠳᠡᠬᠦ ᠡᠭᠦᠯᠳᠡᠷ ᠪᠦᠭᠡᠳ ᠬᠦᠷᠢᠶ᠎ᠡ ᠬᠠᠰᠢᠶᠠᠨ᠎ᠳᠤ ᠲᠠᠷᠢᠵᠦ ᠪᠤᠢ᠌ᠵᠢᠭᠤᠯᠬᠤ᠎ᠳᠤ ᠶᠡᠬᠡ ᠳᠤᠬᠢᠷᠠᠬᠤ ᠶᠤᠮ᠃ ᠡᠨᠡ ᠪᠤᠯ ᠭᠠᠳᠠᠭ᠋ᠠᠳᠤ᠎ᠠᠴᠠ ᠤᠷᠤᠭᠤᠯᠵᠤ ᠢᠷᠡᠭᠰᠡᠨ ᠡᠷᠲᠡ ᠪᠤᠯᠪᠠᠰᠤᠷᠠᠬᠤ ᠲᠦᠷᠦᠯ ᠵᠦᠢ᠍ᠯ ᠮᠦᠨ᠃ ᠮᠠᠨ᠎ᠤ ᠤᠷᠤᠨ᠎ᠳᠤ ᠪᠠᠷᠤᠭ ᠨᠠᠢ᠍ᠮᠠᠨ ᠰᠠᠷ᠎ᠠ ᠵᠢᠨ ᠲᠤᠮᠳᠠᠴᠢ᠎ᠪᠠᠷ ᠪᠤᠯᠪᠠᠰᠤᠷᠠᠨ᠎ᠠ᠃ ᠤᠷᠭᠤᠯᠳᠠ ᠵᠢᠨ ᠬᠤᠭᠤᠴᠠᠭ᠎ᠠ᠎ᠨᠢ 120 ᠡᠳᠦᠷ ᠪᠤᠯᠬᠤ ᠭᠠᠵᠠᠷ ᠤᠷᠤᠨ ᠵᠶ᠋ᠠᠷ ᠪᠦᠷ ᠤᠷᠭᠤᠵᠤ ᠪᠤᠯᠤᠨ᠎ᠠ᠃
ᠮᠤᠳᠤᠨ᠎ᠤ ᠤᠷᠭᠤᠯᠳᠠ᠎ᠨᠢ ᠲᠤᠮᠳᠠ ᠲᠦᠯᠦᠪ᠂ ᠵᠢᠮᠢᠰ ᠰᠠᠭᠤᠬᠤ᠎ᠨᠢ ᠡᠷᠲᠡ᠂ ᠬᠤᠷᠢᠶᠠᠯᠳᠠ᠎ᠨᠢ ᠡᠯᠪᠡᠭ ᠪᠦᠭᠡᠳ ᠵᠢᠮᠢᠰᠯᠡᠬᠦ ᠴᠢᠳᠠᠪᠤᠷᠢ᠎ᠨᠢ ᠰᠠᠢ᠌ᠨ᠃ ᠪᠠᠷᠤᠭ ᠰᠠᠯᠠᠭ᠎ᠠ ᠪᠦᠷᠢ ᠳᠡᠭᠡᠷ᠎ᠡ ᠬᠤᠶᠠᠷ ᠲᠦᠷᠦᠬᠦᠦ ᠤᠷᠭᠤᠨ᠎ᠠ᠃ ᠵᠠᠢ᠌ᠯᠠᠭ᠋ᠠᠳ ᠪᠠᠷᠤᠭ 2~3 ᠵᠢᠯ ᠪᠤᠯᠪᠠᠯ ᠵᠢᠮᠢᠰ ᠰᠠᠭᠤᠵᠤ ᠡᠬᠢᠯᠡᠨ᠎ᠡ᠃
ᠵᠢᠮᠢᠰ᠎ᠤᠨ ᠲᠦᠷᠦᠬᠦᠦ᠎ᠨᠢ ᠲᠤᠮᠳᠠ ᠬᠡᠪ᠎ᠤᠨ ᠪᠤᠵᠠᠭ᠋ᠠᠢ᠂ ᠬᠡᠯᠪᠡᠷᠢ᠎ᠨᠢ ᠱᠤᠷᠤᠯᠵᠢᠨ ᠮᠠᠶᠢᠭᠳᠠᠢ᠂ ᠵᠢᠮᠢᠰ᠎ᠤᠨ ᠮᠦᠬᠦᠯᠢᠭ᠎ᠨᠢ ᠲᠤᠮᠤᠯᠢᠭ᠂ ᠵᠤᠤᠪᠠᠩ ᠬᠡᠯᠪᠡᠷᠢᠳᠠᠢ᠂ ᠦᠩᠭᠡ᠎ᠨᠢ ᠨᠤᠭᠤᠭ᠋ᠠᠨ ᠰᠢᠷ᠎ᠠ᠂ ᠬᠦᠢ᠍ᠴᠡᠳ ᠰᠠᠢ᠌ᠨ ᠪᠤᠯᠪᠠᠰᠤᠷᠠᠪᠠᠯ ᠰᠢᠵᠢᠷ ᠠᠯᠳᠠ ᠰᠢᠭ ᠦᠩᠭᠡᠳᠡᠢ ᠪᠤᠯᠳᠠᠭ᠃ ᠵᠢᠮᠢᠰ᠎ᠤᠨ ᠬᠠᠯᠢᠰᠤ᠎ᠨᠢ ᠨᠢᠮᠭᠡᠨ᠂ ᠵᠢᠮᠢᠰ᠎ᠨᠢ ᠬᠦᠷᠡᠩ ᠪᠦᠭᠡᠳ ᠦᠯᠡᠮᠵᠢᠬᠡᠨ ᠰᠢᠭᠦᠰᠦᠳᠡᠢ᠂ ᠰᠢᠬᠢᠷᠯᠢᠭ ᠠᠮᠳᠠᠳᠠᠢ ᠪᠦᠬᠡᠳ ᠰᠠᠷᠭ᠋ᠠᠢ ᠵᠢᠨ ᠦᠨᠦᠷ᠎ᠲᠠᠢ᠂ ᠴᠢᠨᠠᠷ᠎ᠨᠢ ᠤᠬᠢ ᠰᠠᠢ᠌ᠨ᠃
ᠵᠤᠬᠢᠴᠠᠯᠳᠤᠬᠤ ᠴᠢᠨᠠᠷ ᠪᠤᠯᠤᠨ ᠬᠦᠢ᠍ᠲᠡᠨ᠎ᠢ ᠳᠡᠰᠪᠦᠷᠢᠯᠡᠬᠦ ᠴᠢᠳᠠᠪᠤᠷᠢ᠎ᠨᠢ ᠪᠦᠷ ᠴᠢᠩᠭ᠎ᠠ ᠪᠠᠢ᠌ᠳᠠᠭ᠃ ᠰᠠᠯᠠᠭ᠎ᠠ ᠮᠦᠴᠢᠷ᠎ᠤᠨ ᠪᠤᠯᠪᠠᠰᠤᠷᠠᠯᠳᠠ᠎ᠨᠢ ᠲᠡᠭᠦᠯᠳᠡᠷ᠂ ᠦᠷ᠎ᠡ ᠵᠢᠮᠢᠰ᠎ᠨᠢ ᠴᠤ᠌ ᠡᠷᠲᠡ ᠪᠤᠯᠪᠠᠰᠤᠷᠠᠨ᠎ᠠ᠃