ᠮᠤᠳᠤᠨ᠎ᠤ ᠤᠷᠭᠤᠴᠠ᠎ᠨᠢ ᠢᠳᠡᠷᠡᠬᠦᠨ᠂ ᠵᠠᠢ᠌ᠯᠠᠭ᠋ᠠᠳ 5~6 ᠵᠢᠯ ᠪᠤᠯᠤᠭ᠋ᠠᠳ ᠰᠠᠶᠢ ᠵᠢᠮᠢᠰᠯᠠᠨᠠ᠃ ᠬᠤᠷᠢᠶᠠᠯᠳᠠ᠎ᠨᠢ ᠡᠯᠪᠡᠭ᠃ ᠦᠷ᠎ᠡ ᠵᠢᠮᠢᠰ᠎ᠤᠨ ᠶᠡᠬᠡ ᠪᠠᠭ᠎ᠠ᠎ᠨᠢ ᠲᠤᠮᠳᠠ ᠬᠡᠪ᠃ ᠵᠢᠮᠢᠰ᠎ᠨᠢ ᠬᠠᠪᠳᠠᠭ᠋ᠠᠢ᠌ᠯᠢᠭ ᠵᠤᠤᠪᠠᠩ ᠬᠡᠯᠪᠡᠷᠢᠳᠠᠢ᠃ 9 ᠰᠠᠷ᠎ᠠ ᠵᠢᠨ ᠡᠬᠢ᠊ᠷ ᠪᠤᠶᠤ ᠲᠤᠮᠳᠠᠴᠢ᠎ᠪᠠᠷ ᠪᠤᠯᠪᠠᠰᠤᠷᠠᠨ᠎ᠠ᠃ ᠵᠢᠮᠢᠰ᠎ᠤᠨ ᠬᠠᠯᠢᠰᠤ᠎ᠨᠢ ᠰᠢᠷᠠᠪᠲᠤᠷ᠃ ᠨᠡᠷᠡᠨ ᠲᠠᠯ᠎ᠠ᠎ᠨᠢ ᠤᠯᠠᠭ᠋ᠠᠨ ᠪᠦᠭᠡᠳ ᠰᠤᠳᠠᠰᠤ᠎ᠲᠠᠢ᠃ ᠵᠢᠮᠢᠰ᠎ᠤᠨ ᠬᠠᠯᠢᠰᠤ᠎ᠨᠢ ᠨᠢᠮᠭᠡᠨ ᠬᠦᠯᠢᠭᠡᠷ᠂ ᠮᠢᠬ᠎ᠠ᠎ᠨᠢ ᠨᠠᠷᠢᠯᠢᠭ᠂ ᠬᠡᠦᠷᠡᠭ᠂ ᠰᠢᠬᠦᠰᠦ ᠦᠯᠡᠮᠵᠢᠬᠡᠨ᠂ ᠰᠢᠬᠢᠷᠯᠢᠭ ᠠᠮᠳᠠᠳᠠᠢ᠃ ᠠᠩᠬᠢᠯᠤᠮ᠎ᠠ ᠰᠠᠢ᠌ᠬᠠᠨ ᠦᠨᠦᠷ᠎ᠲᠠᠢ᠃ ᠬᠠᠳᠠᠭ᠋ᠠᠯᠠᠬᠤ ᠪᠠ ᠵᠦᠭᠡᠭᠡᠪᠦᠷᠢᠯᠡᠬᠦ᠎ᠳᠤ ᠲᠡᠰᠪᠦᠷᠢᠳᠠᠢ᠃ ᠡᠩ᠎ᠤᠨ ᠪᠠᠢ᠌ᠳᠠᠯ᠎ᠳᠤ 4 ᠰᠠᠷ᠎ᠠ ᠰᠢᠬᠠᠮ ᠬᠠᠳᠠᠭ᠋ᠠᠯᠠᠵᠤ ᠪᠤᠯᠤᠨ᠎ᠠ᠃ ᠭᠡᠪᠡᠴᠦ ᠡᠪᠡᠳᠴᠢᠨ ᠡᠮᠬᠡᠭ᠎ᠢ ᠲᠡᠰᠪᠦᠷᠢᠯᠡᠬᠦ ᠴᠢᠳᠠᠪᠤᠷᠢ᠎ᠨᠢ ᠠᠨᠠᠢ᠃ ᠬᠠᠷ᠎ᠠ ᠲᠤᠭᠤᠰᠤᠲᠤ ᠭᠡᠮ᠎ᠳᠤ ᠨᠡᠷᠪᠡᠭᠳᠡᠬᠦ᠎ᠨᠢ ᠬᠢᠯᠪᠠᠷ ᠶᠤᠮ᠃
《ᠵᠢᠮᠢᠰ᠎ᠤᠨ ᠮᠤᠳᠤ ᠢᠳᠡᠰᠢᠨ ᠨᠤᠭᠤᠭ᠎ᠠ ᠲᠠᠷᠢᠵᠦ ᠡᠵᠡᠩᠨᠡᠬᠦ ᠮᠡᠷᠭᠡᠵᠢᠯ》 ᠭᠡᠬᠦ ᠨᠤᠮ᠎ᠠᠴᠠ ᠪᠠᠭᠤᠯᠭ᠋ᠠᠪᠠ᠃