ᠨᠢᠭᠡ ᠴᠢᠪᠠᠭ᠎ᠠ ᠵᠢᠨ ᠰᠢᠯᠢᠳᠡᠭ ᠡᠭᠦᠯᠳᠡᠷ
1. ᠡᠪᠦᠯ᠎ᠤᠨ ᠴᠢᠪᠠᠭ᠎ᠠ
ᠵᠢᠮᠢᠰ᠎ᠨᠢ ᠲᠣᠭᠣᠷᠢᠭ ᠬᠡᠯᠪᠡᠷᠢ᠎ᠲᠠᠢ᠂ ᠵᠢᠮᠢᠰ ᠪᠦᠷᠢ ᠵᠢᠨ ᠬᠦᠨᠳᠦᠴᠡ᠎ᠨᠢ ᠲᠤᠮᠳᠠᠴᠢ᠎ᠪᠠᠷ 13—15 ᠭ᠋ᠷᠠᠮ᠂ ᠬᠠᠯᠢᠰᠤ᠎ᠨᠢ ᠨᠢᠮᠭᠡᠨ᠂ ᠵᠢᠮᠢᠰ᠎ᠤᠨ ᠮᠢᠬ᠎ᠠ᠎ᠨᠢ ᠬᠡᠦᠷᠡᠭ᠂ ᠨᠡᠯᠢᠶᠠᠳ ᠰᠢᠬᠢᠷᠯᠢᠭ ᠠᠮᠳᠠᠳᠠᠢ᠃ 9 ᠰᠠᠷ᠎ᠠ ᠵᠢᠨ ᠰᠡᠭᠦᠯᠴᠢ᠎ᠠᠴᠠ ᠡᠬᠢᠯᠡᠨ ᠪᠤᠯᠪᠠᠰᠤᠷᠠᠵᠤ᠂ 10 ᠰᠠᠷ᠎ᠠ ᠵᠢᠨ ᠳᠤᠮᠳᠠᠴᠢ᠎ᠪᠠᠷ ᠪᠦᠷᠢᠮᠦᠰᠦᠨ ᠪᠤᠯᠪᠠᠰᠤᠷᠠᠨ᠎ᠠ᠃ ᠴᠢᠨᠠᠷ ᠰᠠᠢ᠌ᠲᠠᠢ ᠵᠢᠮᠢᠰ ᠪᠤᠯᠤᠨ᠎ᠠ᠂ ᠬᠠᠳᠠᠭ᠋ᠠᠯᠠᠬᠤ᠎ᠳᠤ ᠳᠠᠭ᠋ᠠᠭ᠋ᠠᠴᠠ᠎ᠲᠠᠶ᠃ ᠴᠢᠨᠠᠷ ᠰᠠᠢ᠌ᠲᠠᠢ ᠰᠢᠨ᠎ᠡ ᠰᠤᠷᠭᠤᠭ ᠢᠳᠡᠭᠡᠨ᠎ᠳᠤ ᠬᠠᠷᠢᠶᠠᠯᠠᠭᠳᠠᠨ᠎ᠠ᠂ ᠪᠣᠯᠪᠠᠰᠤᠷᠠᠬᠤ ᠬᠤᠭᠤᠴᠠᠭ᠎ᠠ ᠤᠷᠲᠦ ᠴᠢᠪᠠᠭ᠎ᠠ ᠵᠢᠨ ᠲᠥᠷᠥᠯ ᠪᠣᠯᠤᠨ᠎ᠠ᠃

2. ᠱᠤᠷᠤᠯᠵᠢᠨ ᠬᠡᠯᠪᠡᠷᠢᠲᠦ ᠴᠢᠪᠠᠭ᠎ᠠ
ᠵᠢᠮᠢᠰ᠎ᠨᠢ ᠱᠣᠷᠣᠯᠵᠢᠨ ᠬᠡᠯᠪᠡᠷᠢᠲᠡᠶ᠂ ᠵᠢᠮᠢᠰ ᠪᠦᠷᠢ ᠵᠢᠨ ᠲᠤᠮᠳᠠᠴᠢ ᠬᠦᠨᠳᠦᠴᠡ᠎ᠨᠢ 12.0g᠂ ᠬᠠᠯᠢᠰᠤ᠎ᠨᠢ ᠨᠢᠮᠭᠡᠨ᠂ ᠵᠢᠮᠢᠰ᠎ᠤᠨ ᠮᠢᠬ᠎ᠠ᠎ᠨᠢ ᠬᠡᠦᠷᠡᠭ᠂ ᠵᠢᠮᠢᠰ᠎ᠤᠨ ᠰᠢᠭᠦᠰᠦ᠎ᠨᠢ ᠠᠷᠪᠢᠨ᠂ ᠰᠢᠬᠢᠷᠯᠢᠭ ᠬᠦᠴᠢᠯᠯᠢᠭ ᠠᠮᠲᠠᠲᠠᠶ ᠪᠠᠶ᠋ᠢᠳᠠᠭ᠃ ᠰᠢᠬᠢᠷ᠎ᠤᠨ ᠠᠭᠤᠯᠤᠭᠳᠠᠴᠠ 32% — 36%᠃ ᠢᠳᠡᠭᠡᠨ᠎ᠳᠤ ᠬᠡᠷᠡᠭᠯᠡᠬᠦ ᠨᠤᠷᠮ᠎ᠠ᠎ᠨᠢ 97.2%᠂ ᠬᠠᠲᠠᠭ᠋ᠠᠮᠠᠯ ᠵᠢᠮᠢᠰ ᠪᠤᠯᠭ᠋ᠠᠵᠤ ᠪᠤᠯᠬᠤ ᠨᠤᠷᠮ᠎ᠠ 52.7%᠂ ᠴᠢᠨᠠᠷ ᠰᠠᠢ᠌ᠲᠠᠢ ᠰᠢᠨ᠎ᠡ ᠰᠣᠷᠭᠣᠭ ᠢᠳᠡᠭᠡᠨ᠎ᠳᠤ ᠬᠠᠷᠢᠶᠠᠯᠠᠭᠳᠠᠨ᠎ᠠ᠃ ᠵᠢᠮᠢᠰ᠎ᠤᠨ ᠤᠷᠭᠤᠯᠲᠠ ᠵᠢᠨ ᠬᠤᠭᠤᠴᠠᠭ᠎ᠠ᠎ᠨᠢ 110 ᠡᠳᠦᠷ ᠣᠷᠴᠢᠮ ᠪᠠᠶ᠋ᠢᠳᠠᠭ᠃
![]()
3. ᠵᠢᠩ ᠼᠠᠩ 1 ᠨᠤᠮᠸᠷᠲᠦ ᠴᠢᠪᠠᠭ᠎ᠠ
ᠵᠢᠮᠢᠰ᠎ᠨᠢ ᠲᠣᠮᠣ᠂ ᠬᠠᠪᠲᠠᠭ᠋ᠠᠶ ᠬᠡᠯᠪᠡᠷᠢᠲᠡᠶ᠂ ᠪᠠᠰᠠ ᠤᠷᠢᠶᠠᠩᠭᠤ ᠴᠢᠪᠠᠭ᠎ᠠ ᠬᠡᠮᠡᠳᠡᠭ᠃ ᠵᠢᠮᠢᠰ ᠪᠦᠷᠢ ᠵᠢᠨ ᠳᠤᠮᠳᠠᠴᠢ ᠬᠦᠨᠳᠦᠴᠡ᠎ᠨᠢ 25.5g᠃ ᠰᠢᠬᠢᠷᠯᠢᠭ ᠬᠦᠴᠢᠯᠯᠢᠭ ᠠᠮᠲᠠᠲᠠᠶ᠃ 9 ᠰᠠᠷ᠎ᠠ ᠵᠢᠨ ᠡᠬᠢᠨ ᠲᠤᠮᠳᠠᠴᠢ᠎ᠪᠠᠷ ᠪᠣᠯᠪᠠᠰᠤᠷᠠᠯᠲᠠ ᠵᠢᠨ ᠬᠤᠭᠤᠴᠠᠭ᠋ᠠᠨ᠎ᠳᠤ ᠤᠷᠤᠳᠠᠭ᠃ ᠡᠯᠪᠡᠭ ᠬᠤᠷᠢᠶᠠᠯᠲᠠ᠎ᠲᠠᠢ ᠡᠭᠦᠯᠳᠡᠷ ᠪᠤᠯᠤᠨ᠎ᠠ᠃ ᠡᠩ᠎ᠤᠨ ᠪᠠᠢ᠌ᠳᠠᠯ᠎ᠳᠤ ᠮᠦ᠍ ᠪᠦᠷᠢ ᠵᠢᠨ ᠤᠨᠠᠯᠲᠠ᠎ᠨᠢ 200 ᠺᠢᠯᠣᠭ᠌ᠷᠠᠮ᠎ᠳᠤ ᠬᠦᠷᠳᠡᠭ᠂ ᠡᠯᠪᠡᠭ ᠬᠤᠷᠢᠶᠠᠯᠲᠠ᠎ᠲᠠᠢ ᠦᠶ᠎ᠡ᠎ᠳᠤ ᠮᠦ᠍ ᠪᠦᠷᠢ ᠵᠢᠨ ᠤᠨᠠᠯᠲᠠ᠎ᠨᠢ 1500 — 2000 ᠺᠢᠯᠣᠭ᠌ᠷᠠᠮ᠎ᠠᠴᠠ ᠳᠡᠭᠡᠭᠰᠢ᠎ᠳᠤ ᠬᠦᠷᠳᠡᠭ᠃

4. ᠵᠢᠩ ᠼᠠᠩ 8 ᠨᠤᠮᠸᠷᠲᠦ ᠴᠢᠪᠠᠭ᠎ᠠ
ᠵᠢᠮᠢᠰ᠎ᠨᠢ ᠲᠣᠭᠣᠷᠢᠭ ᠬᠡᠯᠪᠡᠷᠢ᠎ᠲᠠᠢ᠂ ᠵᠢᠮᠢᠰ ᠪᠦᠷᠢ ᠵᠢᠨ ᠳᠤᠮᠳᠠᠴᠢ ᠬᠦᠨᠳᠦᠴᠡ᠎ᠨᠢ 34.05g᠂ ᠬᠦᠨᠳᠦᠴᠡ᠎ᠨᠢ ᠬᠠᠮᠤᠭ ᠶᠡᠬᠡ ᠦᠶᠡᠰ 47.8g ᠬᠦᠷᠳᠡᠭ᠃ 9 ᠰᠠᠷ᠎ᠠ ᠵᠢᠨ ᠳᠤᠮᠳᠠᠴᠢ᠎ᠪᠠᠷ ᠪᠣᠯᠪᠠᠰᠤᠷᠠᠯᠲᠠ ᠵᠢᠨ ᠬᠤᠭᠤᠴᠠᠭ᠎ᠠ᠎ᠳᠤ ᠤᠷᠤᠵᠤ᠂ 9 ᠰᠠᠷ᠎ᠠ ᠵᠢᠨ ᠡᠴᠦᠰ ᠵᠶ᠋ᠡᠷ ᠪᠦᠷᠢᠮᠦᠰᠦᠨ ᠪᠤᠯᠪᠠᠰᠤᠷᠠᠨ᠎ᠠ᠃

5. ᠨᠠᠢ᠍ᠮᠠᠨ ᠰᠠᠷ᠎ᠠ ᠵᠢᠨ ᠴᠢᠪᠠᠭ᠎ᠠ
ᠵᠢᠮᠢᠰ᠎ᠨᠢ ᠲᠣᠭᠣᠷᠢᠭ ᠬᠡᠯᠪᠡᠷᠢ᠎ᠲᠠᠢ᠂ ᠳᠤᠮᠳᠠᠴᠢ ᠵᠢᠮᠢᠰ ᠪᠦᠷᠢ ᠵᠢᠨ ᠲᠤᠮᠳᠠᠴᠢ ᠬᠦᠨᠳᠦᠴᠡ᠎ᠨᠢ 9.8g᠂ ᠵᠢᠮᠢᠰ᠎ᠤᠨ ᠶᠡᠬᠡ ᠪᠠᠭ᠎ᠠ᠎ᠨᠢ ᠲᠡᠩᠴᠦᠬᠡᠨ᠂ ᠬᠠᠯᠢᠰᠤ᠎ᠨᠢ ᠨᠢᠮᠭᠡᠨ ᠮᠦᠷᠲᠡᠭᠡᠨ ᠬᠦᠯᠢᠭᠡᠷ᠂ ᠵᠢᠮᠢᠰ᠎ᠤᠨ ᠰᠢᠭᠦᠰᠦ᠎ᠨᠢ ᠡᠯᠪᠡᠭ ᠮᠦᠷᠳᠡᠭᠡᠨ ᠰᠢᠬᠢᠷᠯᠢᠭ ᠪᠠᠶ᠋ᠢᠳᠠᠭ᠃ 8 ᠰᠠᠷ᠎ᠠ ᠵᠢᠨ ᠳᠤᠮᠳᠠᠴᠢ᠎ᠪᠠᠷ ᠪᠦᠷᠢᠮᠦᠰᠦᠨ ᠪᠤᠯᠪᠠᠰᠤᠷᠠᠳᠠᠭ᠃ ᠭᠠᠷᠤᠯᠳᠠ᠎ᠨᠢ ᠡᠯᠪᠡᠭ ᠮᠦᠷᠳᠡᠭᠡᠨ ᠲᠣᠭᠲᠠᠭᠤᠨ ᠬᠤᠷᠢᠶᠠᠯᠲᠠ᠎ᠲᠠᠢ᠂ ᠵᠢᠮᠢᠰ᠎ᠨᠢ ᠪᠦᠬᠡᠯᠢᠭ᠃ ᠵᠢᠮᠢᠰ᠎ᠤᠨ ᠡᠪᠡᠳᠴᠢᠨ ᠬᠤᠷᠤᠬᠠᠢ ᠵᠢ ᠡᠰᠡᠷᠭᠦᠴᠡᠬᠦ ᠴᠢᠳᠠᠪᠤᠷᠢ᠎ᠪᠠᠷ ᠴᠢᠩᠭ᠎ᠠ ᠪᠠᠶ᠋ᠢᠳᠠᠭ᠃ ᠡᠷᠲᠡ ᠪᠤᠯᠪᠠᠰᠤᠷᠠᠵᠤ᠂ ᠰᠢᠨ᠎ᠡ ᠰᠤᠷᠭᠤᠭ ᠵᠶ᠋ᠠᠷ᠎ᠨᠢ ᠢᠳᠡᠭᠡᠨ᠎ᠳᠤ ᠬᠡᠷᠡᠭᠯᠡᠵᠦ ᠪᠤᠯᠬᠤ ᠰᠢᠯᠢᠳᠡᠭ ᠡᠭᠦᠯᠳᠡᠷ ᠪᠤᠯᠤᠨ᠎ᠠ᠃
![]()
ᠬᠣᠶᠠᠷ ᠵᠢᠮᠢᠰ᠎ᠤᠨ ᠬᠠᠳᠠᠭ᠋ᠠᠮᠠᠯ ᠪᠤᠯᠭ᠋ᠠᠬᠤ ᠪᠤᠶᠤ ᠬᠠᠪᠰᠤᠷᠭ᠋ᠠᠨ ᠬᠡᠷᠡᠭᠯᠡᠵᠦ ᠪᠤᠯᠬᠤ ᠰᠢᠯᠢᠳᠡᠭ ᠡᠭᠦᠯᠳᠡᠷ
1. ᠽᠠᠨ ᠬᠤᠸᠠᠩ ᠴᠢᠪᠠᠭ᠎ᠠ
ᠵᠢᠮᠢᠰ᠎ᠨᠢ ᠤᠷᠲᠤᠯᠵᠢᠨ ᠪᠥᠭᠡᠷᠡᠩᠬᠡᠶ ᠪᠤᠶᠤ ᠥᠨᠳᠡᠭᠡᠯᠵᠢᠨ ᠬᠡᠯᠪᠡᠷᠢ᠎ᠲᠠᠢ᠂ ᠵᠢᠮᠢᠰ ᠪᠦᠷᠢ ᠵᠢᠨ ᠳᠤᠮᠳᠠᠴᠢ ᠬᠦᠨᠳᠦᠴᠡ᠎ᠨᠢ 17.3 ᠭ᠋ᠷᠠᠮ᠃ ᠵᠢᠮᠢᠰ᠎ᠤᠨ ᠬᠠᠯᠢᠰᠤ᠎ᠨᠢ ᠨᠡᠯᠢᠶᠡᠳ ᠵᠤᠵᠠᠭ᠋ᠠᠨ᠃ ᠰᠢᠭᠦᠰᠦ᠎ᠨᠢ ᠠᠷᠪᠢᠨ᠂ ᠠᠮᠲᠠ᠎ᠨᠢ ᠰᠢᠬᠢᠷᠯᠢᠭ ᠮᠥᠷᠲᠡᠭᠡᠨ ᠬᠦᠴᠢᠯᠯᠢᠭ ᠪᠠᠶ᠋ᠢᠳᠠᠭ᠃ ᠬᠠᠲᠠᠭ᠋ᠠᠮᠠᠯ ᠤᠯᠠᠭ᠋ᠠᠨ ᠴᠢᠪᠠᠭ᠎ᠠ ᠵᠢᠨ ᠵᠢᠮᠢᠰ᠎ᠤᠨ ᠮᠢᠬ᠎ᠠ᠎ᠨᠢ ᠡᠯᠪᠡᠭ᠂ ᠬᠠᠷᠢᠮᠠᠬᠠᠶ ᠴᠢᠨᠠᠷᠲᠠᠢ᠂ ᠬᠠᠳᠠᠭ᠋ᠠᠯᠠᠵᠤ ᠵᠥᠭᠡᠭᠡᠪᠦᠷᠢᠯᠡᠬᠦ᠎ᠳᠤ ᠳᠠᠭ᠋ᠠᠭ᠋ᠠᠮᠠᠭ᠋ᠠᠶ᠂ ᠴᠢᠨᠠᠷ ᠰᠠᠶ᠋ᠢᠲᠠᠶ ᠭᠡᠬᠦ ᠮᠡᠲᠦ ᠤᠨᠴᠠᠯᠢᠭ᠎ᠲᠠᠢ ᠪᠠᠶ᠋ᠢᠳᠠᠭ᠃ ᠭᠠᠷᠤᠯᠳᠠ ᠡᠯᠪᠡᠭ᠂ ᠲᠣᠭᠲᠠᠭᠤᠨ ᠬᠤᠷᠢᠶᠠᠯᠲᠠ᠎ᠲᠠᠢ᠂ ᠰᠥᠷᠬᠦ ᠵᠢ ᠡᠰᠡᠷᠭᠦᠴᠡᠬᠦ ᠴᠢᠨᠠᠷ ᠵᠶ᠋ᠠᠷ ᠴᠢᠩᠭ᠎ᠠ ᠪᠠᠶ᠋ᠢᠳᠠᠭ᠃

2. ᠪᠣᠷᠣ ᠴᠢᠪᠠᠭ᠎ᠠ
ᠵᠢᠮᠢᠰ᠎ᠨᠢ ᠥᠨᠳᠡᠭᠡᠯᠵᠢᠨ ᠬᠡᠯᠪᠡᠷᠢᠲᠡᠶ᠂ ᠵᠢᠮᠢᠰ᠎ᠤᠨ ᠭᠠᠳᠠᠷᠭᠤ᠎ᠨᠢ ᠭᠥᠯᠢᠭᠡᠷ᠂ ᠵᠢᠮᠢᠰ᠎ᠤᠨ ᠮᠢᠬ᠎ᠠ᠎ᠨᠢ ᠨᠢᠭᠲᠠ᠂ ᠰᠢᠬᠢᠷᠯᠢᠭ ᠥᠳᠬᠡᠨ᠂ ᠵᠢᠮᠢᠰ᠎ᠤᠨ ᠰᠢᠭᠦᠰᠦ ᠡᠯᠪᠡᠭ ᠴᠢᠨᠠᠷ ᠰᠠᠢ᠌ᠲᠠᠢ ᠵᠢᠮᠢᠰ ᠪᠤᠯᠤᠨ᠎ᠠ᠃ ᠬᠠᠲᠠᠭ᠋ᠠᠭᠰᠠᠨ᠎ᠤ ᠳᠠᠷᠠᠭ᠎ᠠ᠂ ᠵᠢᠮᠢᠰ᠎ᠤᠨ ᠦᠷᠴᠢᠯᠡᠭᠡᠰᠦ᠎ᠨᠢ ᠴᠦᠬᠡᠨ᠂ ᠵᠢᠮᠢᠰ᠎ᠤᠨ ᠮᠢᠬ᠎ᠠ᠎ᠨᠢ ᠨᠢᠭᠲᠠ᠂ ᠬᠠᠷᠢᠮᠠᠬᠠᠶ ᠴᠢᠨᠠᠷᠲᠠᠢ᠂ ᠬᠠᠳᠠᠭ᠋ᠠᠯᠠᠬᠤ᠎ᠳᠤ ᠲᠡᠰᠪᠦᠷᠢᠲᠡᠶ᠂ ᠪᠣᠯᠪᠠᠰᠤᠷᠠᠬᠤ ᠬᠤᠭᠤᠴᠠᠭ᠋ᠠᠨ᠎ᠳᠤ ᠪᠣᠷᠣᠭ᠋ᠠᠨ ᠬᠤᠷ᠎ᠠ᠎ᠳᠤ ᠲᠤᠬᠢᠶᠠᠯᠳᠤᠪᠠᠯ ᠵᠢᠮᠢᠰ᠎ᠨᠢ ᠠᠮᠠᠷᠬᠠᠨ ᠬᠠᠭ᠋ᠠᠷᠠᠳᠠᠭ᠃ ᠵᠣᠬᠢᠴᠠᠬᠤ ᠴᠢᠨᠠᠷ᠎ᠨᠢ ᠴᠢᠩᠭ᠎ᠠ ᠰᠢᠯᠢᠳᠡᠭ ᠡᠭᠦᠯᠳᠡᠷ᠃ ᠵᠢᠮᠢᠰ᠎ᠤᠨ ᠡᠪᠡᠳᠴᠢᠨ ᠬᠦᠨᠤᠭᠡᠯᠢ ᠡᠰᠡᠷᠬᠦᠴᠡᠬᠦ ᠴᠢᠨᠠᠷ᠎ᠨᠢ ᠳᠤᠷᠤᠢ᠃
![]()
3. ᠭᠤᠸ᠎ᠠ ᠴᠢᠪᠠᠭ᠎ᠠ
ᠵᠢᠮᠢᠰ᠎ᠨᠢ ᠪᠥᠭᠡᠷᠡᠩᠬᠡᠶ ᠪᠠᠭ᠋ᠠᠨ᠎ᠠ ᠬᠡᠯᠪᠡᠷᠢ᠎ᠲᠠᠢ ᠪᠤᠶᠤ ᠲᠣᠩᠭᠣᠷᠤᠤ ᠥᠨᠳᠡᠭᠡᠯᠵᠢᠨ ᠬᠡᠯᠪᠡᠷᠢ᠎ᠲᠠᠢ᠃ ᠵᠢᠮᠢᠰ ᠪᠦᠷᠢ ᠵᠢᠨ ᠳᠤᠮᠳᠠᠴᠢ ᠬᠦᠨᠳᠦᠴᠡ᠎ᠨᠢ 22.0 ᠭ᠋ᠷᠠᠮ᠃ ᠵᠢᠮᠢᠰ᠎ᠤᠨ ᠭᠠᠳᠠᠷᠭᠤ᠎ᠨᠢ ᠭᠥᠯᠢᠭᠡᠷ᠂ ᠬᠠᠯᠢᠰᠤ᠎ᠨᠢ ᠨᠢᠮᠭᠡᠨ᠂ ᠭᠦᠨ ᠤᠯᠠᠭ᠋ᠠᠨ ᠥᠩᠭᠡᠲᠡᠶ᠃ ᠵᠢᠮᠢᠰ᠎ᠤᠨ ᠮᠢᠬ᠎ᠠ᠎ᠨᠢ ᠵᠤᠵᠠᠭ᠋ᠠᠨ᠂ ᠵᠢᠮᠢᠰ᠎ᠤᠨ ᠰᠢᠭᠦᠰᠦ᠎ᠨᠢ ᠠᠷᠪᠢᠨ᠂ ᠴᠢᠨᠠᠷ ᠰᠠᠢ᠌ᠲᠠᠢ ᠵᠢᠮᠢᠰ ᠪᠤᠯᠤᠨ᠎ᠠ᠃ 9 ᠰᠠᠷ᠎ᠠ ᠵᠢᠨ ᠳᠤᠮᠳᠠᠴᠢ᠎ᠪᠠᠷ ᠪᠣᠯᠪᠠᠰᠤᠷᠠᠵᠤ᠂ ᠵᠢᠮᠢᠰ᠎ᠤᠨ ᠦᠷᠡᠵᠢᠯ᠎ᠤᠨ ᠬᠤᠭᠤᠴᠠᠭ᠎ᠠ᠎ᠨᠢ 100 ᠡᠳᠦᠷ ᠣᠷᠴᠢᠮ ᠪᠠᠶ᠋ᠢᠳᠠᠭ᠃ ᠠᠮᠠᠷᠬᠠᠨ ᠬᠠᠭ᠋ᠠᠷᠠᠬᠤ ᠵᠢᠮᠢᠰ᠂ ᠠᠮᠠᠷᠬᠠᠨ ᠪᠣᠭᠣᠮ᠎ᠠ ᠡᠪᠡᠳᠴᠢᠨ ᠪᠠ ᠠᠭᠰᠢᠮᠠᠯ ᠵᠢᠮᠢᠰ᠎ᠤᠨ ᠡᠪᠡᠳᠴᠢᠨ᠎ᠳᠤ ᠨᠡᠷᠪᠡᠭᠳᠡᠨ᠎ᠡ᠃
![]()
ᠭᠤᠷᠪᠠ᠂ ᠴᠢᠪᠠᠭ᠎ᠠ ᠵᠢᠨ ᠬᠦᠷᠢᠶᠡᠯᠡᠩ ᠪᠠᠶ᠋ᠢᠭᠤᠯᠬᠤ ᠮᠡᠷᠭᠡᠵᠢᠯ
(ᠨᠢᠭᠡ) ᠲᠠᠷᠢᠵᠦ ᠵᠠᠢ᠌ᠯᠠᠬᠤ ᠨᠢᠭᠲᠠᠴᠠ
ᠴᠢᠪᠠᠭ᠎ᠠ ᠵᠢᠨ ᠮᠤᠳᠤᠳ᠎ᠤᠨ ᠬᠤᠭᠤᠷᠤᠨᠳᠤᠬᠢ ᠵᠠᠶ ᠵᠢ 13 ᠮᠧᠲᠷ᠂ ᠮᠥᠷ᠎ᠤᠨ ᠵᠠᠶ ᠵᠢ 3~5 ᠮᠧᠲᠷ ᠪᠠᠢ᠌ᠯᠭ᠋ᠠᠨ᠎ᠠ᠃
(ᠬᠣᠶᠠᠷ) ᠲᠠᠷᠢᠵᠦ ᠵᠠᠶ᠋ᠢᠯᠠᠬᠤ ᠮᠡᠷᠭᠡᠵᠢᠯ
1. ᠲᠠᠷᠢᠵᠦ ᠵᠠᠢ᠌ᠯᠠᠬᠤ ᠬᠤᠭᠤᠴᠠᠭ᠎ᠠ᠄ ᠬᠠᠪᠤᠷ᠎ᠤᠨ ᠤᠯᠠᠷᠢᠯ᠎ᠳᠤ ᠦᠷ᠎ᠡ ᠨᠠᠬᠢᠶ᠎ᠠ ᠰᠣᠶᠣᠭ᠋ᠠᠯᠠᠬᠤᠠᠴᠠ ᠡᠮᠦᠨ᠎ᠡ ᠪᠤᠶᠤ ᠰᠣᠶᠣᠭ᠋ᠠᠯᠠᠵᠤ ᠪᠠᠶ᠋ᠢᠭ᠎ᠠ ᠬᠤᠭᠤᠴᠠᠭ᠋ᠠᠨ᠎ᠳᠤ ᠲᠠᠷᠢᠵᠦ ᠵᠠᠢ᠌ᠯᠠᠨ᠎ᠠ᠃ ᠨᠠᠮᠤᠷ᠎ᠤᠨ ᠤᠯᠠᠷᠢᠯ᠎ᠳᠤ ᠨᠠᠪᠴᠢ ᠵᠤᠯᠭ᠋ᠠᠷᠠᠭᠰᠠᠨᠤ ᠳᠠᠷᠠᠭ᠎ᠠ ᠬᠢᠷᠠᠭᠤ ᠤᠨᠠᠬᠤ᠎ᠠᠴᠠ ᠡᠮᠦᠨ᠎ᠡ ᠪᠠᠰᠠ ᠲᠠᠷᠢᠵᠦ ᠵᠠᠢ᠌ᠯᠠᠵᠤ ᠪᠣᠯᠤᠨ᠎ᠠ᠃
2. ᠵᠠᠢ᠌ᠯᠠᠵᠤ ᠰᠠᠭᠤᠯᠭ᠋ᠠᠬᠤ ᠱᠠᠭ᠋ᠠᠷᠳᠠᠯᠭ᠎ᠠ᠄ ᠵᠠᠢ᠌ᠯᠠᠬᠤ ᠨᠦᠬᠡ ᠵᠢ ᠤᠷᠳᠤ᠂ ᠥᠷᠭᠡᠨ᠂ ᠭᠦᠨ ᠤᠬᠤᠵᠤ᠂ 0.6~0.8 ᠮᠧᠲᠷ ᠪᠠᠢ᠌ᠯᠭ᠋ᠠᠨ᠎ᠠ᠃ ᠵᠠᠶ᠋ᠢᠯᠠᠬᠤ᠎ᠳᠠᠭᠠᠨ ᠤᠷᠢᠳ ᠵᠶ᠋ᠠᠷ ᠭᠠᠳᠠᠷᠭᠤ ᠵᠢᠨ ᠬᠥᠷᠥᠰᠥ ᠵᠢ ᠪᠣᠯᠪᠠᠰᠤᠷᠠᠭᠰᠠᠨ ᠣᠷᠭ᠋ᠠᠨᠢᠭ ᠪᠣᠷᠳᠣᠭᠤᠷ᠎ᠲᠠᠢ ᠬᠣᠯᠢᠵᠤ ᠨᠦᠬᠡᠨ᠎ᠤ ᠢᠷᠣᠭ᠋ᠠᠷᠲᠤ ᠴᠢᠳᠬᠤᠨ ᠣᠷᠣᠭᠤᠯᠤᠨ᠎ᠠ᠃
3. ᠵᠠᠶ᠋ᠢᠯᠠᠬᠤ ᠭᠦᠨᠴᠡ᠄ ᠵᠠᠢ᠌ᠯᠠᠬᠤ ᠬᠦᠨᠴᠡ ᠵᠢ ᠵᠤᠯᠵᠠᠭ᠎ᠠ ᠮᠣᠳᠣᠨ᠎ᠤ ᠦᠨᠳᠦᠰᠦᠨ᠎ᠤ ᠳᠡᠭᠡᠷ᠎ᠡ ᠬᠡᠰᠡᠭ᠎ᠤᠨ ᠪᠠᠶ᠋ᠢᠷᠢᠨ᠎ᠳᠤ ᠬᠦᠷᠭᠡᠨ᠎ᠡ᠃ ᠳᠡᠩᠳᠡᠭᠦᠦ ᠭᠦᠨ ᠪᠤᠶᠤ ᠳᠡᠩᠳᠡᠭᠦᠦ ᠬᠦᠢ᠍ᠭᠡᠨ ᠵᠠᠶ᠋ᠢᠯᠠᠵᠤ ᠪᠣᠯᠬᠤ ᠦᠭᠡᠢ᠃
4. ᠵᠠᠶ᠋ᠢᠯᠠᠭᠰᠠᠨᠤ ᠳᠠᠷᠠᠭ᠎ᠠ ᠤᠰᠤᠯᠠᠵᠤ ᠪᠦᠷᠬᠦᠬᠦᠯ ᠪᠦᠷᠬᠦᠨ᠎ᠡ᠄ ᠵᠠᠶ᠋ᠢᠯᠠᠭᠰᠠᠨᠤ ᠳᠠᠷᠠᠭ᠎ᠠ ᠭᠢᠰᠬᠢᠵᠦ ᠬᠦᠷᠦᠰᠦ ᠵᠢ ᠴᠢᠩᠭ᠋ᠠᠯᠠᠵᠤ᠂ ᠵᠠᠯᠭ᠋ᠠᠭ᠎ᠠ᠎ᠪᠠᠷ ᠬᠣᠶᠠᠷ ᠤᠳᠠᠭ᠎ᠠ ᠤᠰᠤᠯᠠᠭᠰᠠᠨᠤ ᠳᠠᠷᠠᠭ᠎ᠠ ᠪᠦᠷᠬᠦᠬᠦᠯ ᠪᠦᠷᠬᠦᠨ᠎ᠡ᠃
(ᠭᠤᠷᠪᠠ) ᠬᠥᠷᠥᠰᠥ ᠰᠢᠷᠣᠶ ᠵᠢᠨ ᠬᠠᠮᠢᠶᠠᠷᠤᠯᠲᠠ
1. ᠳᠡᠭᠡᠳᠦ ᠬᠥᠷᠥᠰᠥ ᠵᠢ ᠰᠤᠯᠠᠷᠠᠭᠤᠯᠬᠤ᠄ ᠶᠡᠷᠦ᠎ᠳᠡᠭᠡᠨ ᠨᠠᠮᠤᠷ᠎ᠤᠨ ᠤᠯᠠᠷᠢᠯ᠎ᠳᠤ ᠰᠠᠭᠤᠷᠢ ᠪᠣᠷᠳᠣᠭᠣᠷ ᠣᠷᠣᠭᠤᠯᠬᠤ ᠦᠶ᠎ᠡ᠎ᠳᠤ ᠲᠡᠭᠡᠳᠦ ᠬᠡᠰᠡᠭ᠎ᠤᠨ ᠬᠦᠷᠦᠰᠦ ᠵᠢ ᠰᠤᠯᠠᠷᠠᠭᠤᠯᠤᠨ᠎ᠠ᠃ ᠨᠠᠮᠤᠷ᠎ᠤᠨ ᠤᠯᠠᠷᠢᠯ᠎ᠳᠤ ᠬᠦᠷᠦᠰᠦ ᠵᠢ᠎ᠨᠢ ᠰᠤᠯᠠᠷᠠᠭᠤᠯᠵᠤ ᠠᠮᠵᠢᠭᠰᠠᠨ ᠦᠭᠡᠢ ᠪᠣᠯ ᠳᠠᠷᠠᠭ᠎ᠠ ᠬᠠᠪᠤᠷ᠎ᠤᠨ ᠤᠯᠠᠷᠢᠯ᠎ᠳᠤ ᠬᠠᠯᠢᠶ᠎ᠠ ᠢᠷᠡᠭᠰᠡᠨ᠎ᠤ ᠳᠠᠷᠠᠭ᠎ᠠ ᠬᠦᠷᠦᠰᠦ ᠵᠢ ᠰᠤᠯᠠᠷᠠᠭᠤᠯᠤᠨ᠎ᠠ᠃ ᠬᠦᠷᠦᠰᠦ ᠵᠢ ᠰᠤᠯᠠᠷᠠᠭᠤᠯᠬᠤ ᠬᠦᠨᠴᠡ ᠵᠢ ᠶᠡᠷᠦ᠎ᠳᠡᠭᠡᠨ 60~80 ᠰᠠᠨᠲ᠋ᠢᠮᠧᠲᠷ ᠪᠠᠢ᠌ᠯᠭ᠋ᠠᠨ᠎ᠠ᠃
2 ᠤᠷᠭᠤᠯᠳᠠ ᠵᠢᠨ ᠲᠤᠮᠳᠠ ᠬᠤᠭᠤᠴᠠᠭ᠋ᠠᠨ᠎ᠳᠤ ᠡᠪᠡᠰᠦ ᠵᠢ ᠠᠷᠢᠯᠭ᠋ᠠᠵᠤ ᠤᠷᠭᠤᠯᠳᠠ᠎ᠳᠤ ᠲᠤᠰᠠᠯᠠᠨ᠎ᠠ᠃