ᠡᠭᠦᠯᠳᠡᠷ᠎ᠤᠨ ᠲᠠᠨᠢᠯᠴᠠᠭᠤᠯᠭ᠎ᠠ
ᠯᠢᠶᠤᠤᠨᠢᠩ ᠮᠤᠵᠢ᠎ᠠᠴᠠ ᠰᠢᠯᠵᠢᠬᠦᠯᠦᠨ ᠤᠷᠤᠭᠤᠯᠵᠠᠢ᠃ ᠤᠭ ᠭᠠᠷᠤᠯ᠎ᠨᠢ ᠲᠤᠳᠤᠷᠬᠠᠢ ᠦᠭᠡᠢ᠃ ᠬᠦᠢ᠍ᠲᠡᠨ᠎ᠳᠤ ᠲᠡᠰᠪᠦᠷᠢᠳᠠᠢ᠃ ᠮᠤᠳᠤᠨ᠎ᠤ ᠪᠠᠢ᠌ᠳᠠᠯ ᠬᠦᠴᠦᠷᠬᠡᠭ ᠢᠳᠡᠷᠡᠬᠦᠨ᠂ ᠬᠤᠷᠢᠶᠠᠯᠳᠠ᠎ᠨᠢ ᠲᠤᠮᠳᠠ ᠵᠡᠷᠭᠡ᠃ ᠲᠡᠭᠰᠢᠳᠬᠡᠭᠰᠡᠨ ᠵᠢᠮᠢᠰ᠎ᠤᠨ ᠬᠦᠨᠳᠦ᠎ᠨᠢ 50g᠃ ᠦᠨᠳᠡᠭᠡᠯᠵᠢᠨ ᠪᠦᠮᠪᠦᠭᠡᠨ ᠬᠡᠯᠪᠡᠷᠢ᠎ᠲᠠᠢ᠂ ᠵᠢᠮᠢᠰ᠎ᠨᠢ ᠰᠢᠷ᠎ᠠ ᠦᠩᠭᠡᠳᠡᠢ᠂ ᠲᠡᠭᠡᠷ᠎ᠡ᠎ᠨᠢ ᠬᠤᠷᠴᠠ ᠤᠯᠠᠭ᠋ᠠᠨ ᠦᠩᠭᠡ᠎ᠪᠠᠷ ᠬᠤᠴᠢᠭᠰᠠᠨ ᠪᠠᠢ᠌ᠨ᠎ᠠ᠃ ᠭᠠᠳᠠᠷ ᠪᠠᠢ᠌ᠳᠠᠯ᠎ᠨᠢ ᠲᠤᠩ ᠭᠤᠸ᠎ᠠ ᠰᠠᠢ᠌ᠬᠠᠨ᠃ ᠵᠢᠮᠢᠰ᠎ᠤᠨ ᠮᠢᠬ᠎ᠠ᠎ᠨᠢ ᠰᠢᠷᠠᠩᠭᠤᠢ ᠴᠠᠭ᠋ᠠᠨ ᠦᠩᠭᠡᠳᠡᠢ᠂ ᠬᠡᠦᠷᠡᠭ᠂ ᠢᠰᠬᠦᠯᠡᠩ ᠪᠦᠭᠡᠳ ᠠᠮᠳᠠᠳᠠᠢ᠃ ᠰᠢᠬᠦᠰᠦ ᠡᠯᠪᠡᠭ᠂ ᠠᠩᠬᠢᠯᠤᠮ᠎ᠠ ᠦᠨᠦᠷ᠎ᠲᠠᠢ᠂ ᠴᠢᠨᠠᠷ᠎ᠨᠢ ᠲᠤᠮᠳᠠ᠎ᠠᠴᠠ ᠳᠡᠭᠡᠭᠰᠢ᠃ ᠡᠷᠲᠡ ᠪᠤᠯᠪᠠᠰᠤᠷᠠᠨ᠎ᠠ᠃ ᠪᠤᠯᠪᠠᠰᠤᠷᠠᠬᠤ ᠬᠤᠭᠤᠴᠠᠭ᠎ᠠ᠎ᠨᠢ 8 ᠰᠠᠷ᠎ᠠ ᠵᠢᠨ ᠡᠬᠢ᠎ᠠᠴᠠ ᠲᠤᠮᠳᠠᠴᠢ ᠬᠤᠭᠤᠴᠠᠭ᠎ᠠ ᠪᠤᠯᠤᠨ᠎ᠠ᠃ ᠪᠠᠷᠤᠭ ᠠᠷᠪᠠᠭ᠋ᠠᠳ ᠢᠯᠡᠬᠦᠦ ᠡᠳᠦᠷ ᠬᠠᠳᠠᠭ᠋ᠠᠯᠠᠨ᠎ᠠ᠃ ᠲᠤᠳᠠᠭᠳᠠᠯ᠎ᠨᠢ ᠵᠢᠮᠢᠰ ᠰᠠᠭᠤᠬᠤ᠎ᠨᠢ ᠰᠢᠩᠭᠡᠨ᠂ ᠬᠤᠷᠢᠶᠠᠯᠳᠠ᠎ᠨᠢ ᠦᠨᠳᠦᠷ ᠪᠢᠰᠢ᠃
ᠵᠠᠢ᠌ᠯᠠᠬᠤ ᠠᠷᠭ᠎ᠠ ᠮᠡᠷᠭᠡᠵᠢᠯ
ᠵᠠᠢ᠌ᠯᠠᠬᠤ ᠴᠠᠭ ᠬᠤᠭᠤᠴᠠᠭ᠎ᠠ᠄ ᠬᠠᠪᠤᠷ᠎ᠤᠨ 4 ᠰᠠᠷ᠎ᠠ ᠵᠢᠨ ᠲᠤᠮᠳᠠᠴᠢ ᠦᠶ᠎ᠡ᠎ᠪᠠᠷ ᠵᠠᠢ᠌ᠯᠠᠪᠠᠯ ᠵᠤᠬᠢᠨ᠎ᠠ᠃
ᠵᠠᠢ᠌ᠯᠠᠬᠤ ᠢᠭᠴᠤ ᠵᠢᠨ ᠬᠡᠮᠵᠢᠶ᠎ᠡ᠄ ᠵᠢᠮᠢᠰ᠎ᠤᠨ ᠮᠤᠳᠤ ᠵᠢ 6×6᠂ 5×6᠂ 6×7 ᠵᠶ᠋ᠡᠷ ᠲᠤᠭᠲᠠᠭ᠋ᠠᠨ᠎ᠠ᠃
ᠵᠢᠵᠢᠭ ᠬᠡᠰᠡᠭ ᠭᠠᠵᠠᠷ᠎ᠤᠨ ᠲᠤᠳᠤᠷ᠎ᠠ ᠵᠢᠮᠢᠰ᠎ᠤᠨ ᠮᠤᠳᠤ ᠵᠢ ᠲᠤᠬᠢᠷᠠᠭᠤᠯᠬᠤ᠄ ᠬᠠᠮᠤᠭ᠎ᠤᠨ ᠡᠮᠦᠨ᠎ᠡ ᠭᠠᠵᠠᠷ᠎ᠤᠨ ᠬᠡᠮᠵᠢᠯᠲᠡ ᠬᠢᠵᠦ ᠪᠠᠢ᠌ᠭ᠋ᠠᠳ ᠵᠠᠢ᠌ᠯᠠᠬᠤ ᠴᠡᠭ᠎ᠢ ᠲᠤᠭᠲᠠᠭ᠋ᠠᠭ᠋ᠠᠳ ᠳᠠᠷᠠᠭ᠎ᠠ᠎ᠨᠢ ᠲᠤᠭᠲᠠᠭ᠋ᠠᠭᠰᠠᠨ ᠴᠡᠭ ᠳᠡᠭᠡᠷ᠎ᠡ ᠤᠷᠲᠦ ᠪᠠ ᠦᠷᠭᠡᠨ᠎ᠨᠢ ᠲᠤᠰ ᠲᠤᠰ 1m᠂ ᠬᠦᠨ᠎ᠨᠢ 60-70cm᠎ᠤᠨ ᠬᠡᠮᠵᠢᠶ᠎ᠡ᠎ᠲᠠᠢ ᠨᠦᠬᠡ ᠮᠠᠯᠳᠠᠨ᠎ᠠ᠃ ᠮᠠᠯᠳᠠᠵᠤ ᠭᠠᠷᠭ᠋ᠠᠭᠰᠠᠨ ᠨᠢᠭᠤᠷ᠎ᠤᠨ ᠲᠠᠯ᠎ᠠ ᠵᠢᠨ ᠰᠢᠷᠤᠢ ᠪᠠ ᠲᠤᠤᠷ᠎ᠠ ᠲᠠᠯ᠎ᠠ ᠵᠢᠨ ᠰᠢᠷᠤᠢ ᠵᠢ ᠲᠤᠰ ᠲᠤᠰ ᠨᠦᠬᠡ ᠵᠢᠨ ᠠᠮᠠᠰᠠᠷ᠎ᠤᠨ ᠬᠤᠶᠠᠷ ᠲᠠᠯ᠎ᠠ᠎ᠳᠤ ᠤᠪᠤᠭ᠋ᠠᠯᠠᠵᠤ ᠲᠠᠯᠪᠢᠨ᠎ᠠ᠃ ᠠᠭᠤᠯᠠᠨ ᠭᠠᠵᠠᠷ ᠪᠤᠯ ᠨᠢᠭᠤᠷ᠎ᠤᠨ ᠰᠢᠷᠤᠢ ᠵᠢ ᠨᠦᠬᠡᠨ᠎ᠤ ᠳᠡᠭᠡᠷ᠎ᠡ ᠲᠠᠯ᠎ᠠ᠎ᠳᠤ ᠤᠪᠤᠭ᠋ᠠᠯᠠᠵᠤ᠂ ᠲᠤᠤᠷ᠎ᠠ ᠲᠠᠯ᠎ᠠ ᠵᠢᠨ ᠰᠢᠷᠤᠢ ᠵᠢ ᠨᠦᠬᠡᠨ᠎ᠤ ᠲᠤᠤᠷ᠎ᠠ ᠲᠠᠯ᠎ᠠ᠎ᠳᠤ ᠤᠪᠤᠭ᠋ᠠᠯᠠᠨᠠ᠃ ᠨᠦᠬᠡ ᠪᠦᠷᠢ᠎ᠳᠤ 25-50 ᠺᠢᠯᠤᠭ᠌ᠷᠠᠮ ᠤᠷᠭ᠋ᠠᠨᠢᠭ ᠪᠤᠷᠳᠤᠭᠤᠷ ᠪᠠ 25-50g ᠠᠽᠣᠲ᠎ᠤᠨ ᠬᠢᠮᠢ ᠵᠢᠨ ᠪᠤᠷᠳᠤᠭᠤᠷ ᠤᠷᠤᠭᠤᠯᠬᠤ ᠪᠦᠬᠡᠳ ᠨᠢᠭᠤᠷ᠎ᠤᠨ ᠲᠠᠯ᠎ᠠ ᠵᠢᠨ ᠰᠢᠷᠤᠢ ᠵᠢ ᠤᠷᠭ᠋ᠠᠨᠢᠭ ᠪᠤᠷᠳᠤᠭᠤᠷ᠎ᠲᠠᠢ ᠬᠤᠯᠢᠵᠤ᠂ ᠨᠦᠬᠡᠨ᠎ᠤ ᠲᠤᠤᠷ᠎ᠠ ᠲᠠᠯ᠎ᠠ᠎ᠳᠤ ᠨᠡᠮᠡᠵᠦ ᠤᠷᠤᠭᠤᠯᠤᠨ᠎ᠠ᠃ ᠲᠤᠤᠷ᠎ᠠ ᠲᠠᠯ᠎ᠠ ᠵᠢᠨ ᠰᠢᠷᠤᠢ ᠵᠢ ᠬᠢᠮᠢ ᠵᠢᠨ ᠪᠤᠷᠳᠤᠭᠤᠷ᠎ᠲᠠᠢ ᠬᠦᠢ᠍ᠴᠡᠳ ᠬᠤᠯᠢᠭ᠋ᠠᠳ ᠨᠦᠬᠡᠨ᠎ᠤ ᠳᠡᠭᠡᠷ᠎ᠡ ᠲᠠᠯ᠎ᠠ᠎ᠳᠤ ᠨᠡᠮᠡᠵᠦ ᠦᠭᠭᠦᠨ᠎ᠡ᠃ ᠵᠠᠢ᠌ᠯᠠᠬᠤ᠎ᠳᠤ ᠨᠦᠬᠡᠨ᠎ᠤ ᠰᠢᠷᠤᠢ ᠵᠢ ᠠᠮᠠᠰᠠᠷ᠎ᠠᠴᠠ 20cm ᠲᠤᠤᠷ᠎ᠠ ᠪᠠᠢ᠌ᠯᠭ᠋ᠠᠬᠤ ᠬᠡᠷᠡᠭᠳᠡᠢ᠃ ᠴᠢᠬᠢ ᠮᠤᠳᠤ᠎ᠪᠠᠨ ᠨᠦᠬᠡᠨ᠎ᠤ ᠭᠤᠤᠯ ᠬᠡᠰᠡᠭ᠎ᠲᠤ ᠪᠤᠰᠬᠠᠵᠤ᠂ ᠦᠨᠳᠦᠰᠦᠨᠤᠭᠤᠳᠢ ᠨᠤᠭᠤᠷᠠᠭᠤᠯᠬᠤ ᠦᠭᠡᠢ᠂ ᠠᠮᠠᠰᠠᠷ ᠳᠡᠭᠡᠷ᠎ᠡ᠎ᠨᠢ ᠦᠯᠡᠳᠡᠭᠡᠭᠰᠡᠨ ᠰᠢᠷᠤᠢ ᠪᠠ ᠪᠤᠷᠳᠤᠭᠤᠷ ᠵᠶ᠋ᠠᠨ ᠨᠡᠮᠡᠭᠰᠡᠨ᠎ᠤ ᠰᠡᠭᠦᠯᠡᠷ ᠨᠢᠯᠬ᠎ᠠ ᠮᠤᠳᠤ᠎ᠪᠠᠨ ᠳᠡᠭᠡᠭᠰᠢ᠎ᠪᠠᠨ ᠨᠢᠭᠡ ᠴᠢᠩᠭ᠋ᠠᠭ᠋ᠠᠳ ᠬᠢᠰᠬᠢᠨᠡ᠃ ᠲᠠᠬᠢᠨ ᠰᠢᠷᠤᠢ ᠨᠡᠮᠡᠵᠦ ᠲᠠᠬᠢᠨ ᠬᠢᠰᠬᠢᠨᠡ᠃ ᠦᠯᠡᠳᠡᠭᠡᠭᠰᠡᠨ ᠰᠢᠷᠤᠢ᠎ᠪᠠᠷ ᠤᠰᠤᠯᠠᠯᠳᠠ ᠵᠢᠨ ᠴᠠᠭ᠋ᠠᠷᠢᠭ ᠪᠤᠰᠬᠠᠵᠤ ᠦᠭᠭᠦᠨ᠎ᠡ᠃ ᠵᠠᠢ᠌ᠯᠠᠭᠰᠠᠨ ᠳᠠᠷᠤᠢ᠎ᠳᠤ᠎ᠨᠢ ᠰᠠᠢ᠌ᠳᠦᠷ ᠤᠰᠤᠯᠠᠭ᠋ᠠᠳ ᠲᠡᠭᠡᠷ᠎ᠡ᠎ᠨᠢ ᠨᠢᠭᠡ ᠳᠠᠪᠬᠤᠷᠭ᠎ᠠ ᠬᠠᠭᠤᠷᠠᠢ ᠰᠢᠷᠤᠢ ᠰᠠᠴᠤᠵᠤ ᠦᠭᠭᠦᠨ᠎ᠡ᠃ ᠡᠨᠡ᠎ᠨᠢ ᠤᠰᠤᠨ᠎ᠤ ᠠᠭᠤᠷᠰᠢᠬᠤ ᠪᠠ ᠭᠠᠵᠠᠷ ᠬᠠᠭ᠋ᠠᠷᠠᠬᠤ᠎ᠠᠴᠠ ᠰᠡᠷᠭᠡᠢ᠌ᠯᠡᠬᠦ ᠵᠢᠨ ᠲᠦᠯᠦᠭᠡ ᠶᠤᠮ᠃ ᠰᠠᠢ᠌ᠳᠤᠷ ᠤᠰᠤᠯᠠᠭᠰᠠᠨᠤ ᠳᠠᠷᠠᠭ᠎ᠠ᠂ ᠪᠤᠷᠤᠭ᠋ᠠᠨ᠎ᠤ ᠬᠤᠭᠤᠴᠠᠭ᠎ᠠ ᠬᠦᠷᠴᠦ ᠢᠷᠡᠬᠦ ᠪᠤᠯᠲᠠᠯ᠎ᠠ 6-7 ᠬᠤᠨᠤᠭ᠎ᠤᠨ ᠬᠤᠭᠤᠴᠠᠭ᠋ᠠᠨ᠎ᠳᠤ ᠡᠳᠦᠷ ᠪᠦᠷᠢ ᠨᠢᠭᠡ ᠤᠳᠠᠭ᠎ᠠ ᠤᠰᠤᠯᠠᠬᠤ ᠬᠡᠷᠡᠭᠳᠡᠢ᠃
ᠵᠠᠢ᠌ᠯᠠᠭᠰᠠᠨᠤ ᠳᠠᠷᠠᠭ᠎ᠠ ᠤᠰᠤᠯᠠᠬᠤ ᠪᠦᠷᠢ ᠠᠷᠴᠢᠵᠤ ᠰᠢᠷᠤᠢ ᠵᠢ ᠰᠡᠢ᠌ᠷᠡᠭᠵᠢᠬᠦᠯᠬᠦᠠᠴᠠ ᠭᠠᠳᠠᠨ᠎ᠠ᠂ ᠭᠠᠩ ᠬᠠᠭᠤᠷᠠᠢ ᠭᠠᠵᠠᠷ ᠤᠷᠤᠨ᠎ᠳᠤ ᠨᠢᠯᠬ᠎ᠠ ᠮᠤᠳᠤᠨ᠎ᠤ ᠤᠭᠲᠤ ᠰᠢᠷᠤᠢ ᠤᠪᠤᠭ᠋ᠠᠯᠠᠵᠤ ᠦᠭᠭᠦᠨ᠎ᠡ᠃ ᠨᠠᠬᠢᠶ᠎ᠠ ᠭᠠᠷᠬᠤ ᠰᠢᠬᠠᠪᠠᠯ ᠳᠠᠷᠤᠢ᠌ᠬᠠᠨ ᠰᠢᠷᠤᠢ ᠵᠢ᠎ᠨᠢ ᠢᠷᠠᠵᠤ ᠦᠭᠭᠦᠨ᠎ᠡ᠃
ᠷᠢᠨᠴᠢᠨᠤ ᠨᠠᠢ᠌ᠷᠠᠭᠤᠯᠤᠨ ᠵᠤᠬᠢᠶᠠᠭᠰᠠᠨ 《ᠵᠢᠮᠢᠰ᠎ᠤᠨ ᠮᠤᠳᠤ ᠤᠷᠭᠤᠭᠤᠯᠵᠤ ᠪᠤᠢ᠌ᠵᠢᠭᠤᠯᠬᠤ ᠮᠡᠷᠭᠡᠵᠢᠯ》᠎ᠠᠴᠠ ᠬᠠᠭᠤᠯᠠᠪᠤᠷᠢᠯᠠᠪᠠ᠃