ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠣᠭᠤᠭᠠᠷᠠᠭᠤᠯᠤᠯᠲᠠ   -   ᠣᠢ ᠮᠤᠳᠤᠨ᠎ᠤ ᠰᠢᠯᠢᠳᠡᠭ ᠡᠭᠦᠯᠳᠡᠷ
ᠲᠤᠭᠲᠠᠬᠤ ᠰᠢᠶᠠᠨ᠎ᠤ ᠪᠤᠷᠤ ᠦᠵᠦᠮ
ᠨᠡᠶ᠋ᠢᠲᠡᠯᠡᠭᠰᠡᠨ ᠴᠠᠭ᠄ 2024-01-10


      ᠡᠨᠡ ᠬᠦ᠌ ᠲᠦᠷᠦᠯ ᠵᠦᠢ᠍ᠯ᠎ᠨᠢ ᠦᠪᠦᠷ ᠮᠤᠩᠭᠤᠯ᠎ᠤᠨ ᠲᠤᠭᠲᠠᠬᠤ ᠰᠢᠶᠠᠨ ᠵᠶ᠋ᠠᠷ ᠤᠷᠲᠤ ᠬᠤᠭᠤᠴᠠᠭ᠎ᠠ ᠲᠠᠷᠢᠵᠦ ᠪᠤᠢ᠌ᠵᠢᠭᠤᠯᠵᠤ ᠢᠷᠡᠭᠰᠡᠨ ᠤᠷᠤᠨ ᠨᠤᠲᠤᠭ᠎ᠤᠨ ᠬᠠᠭᠤᠴᠢᠨ ᠲᠦᠷᠦᠯ ᠵᠦᠢ᠍ᠯ ᠪᠤᠯᠤᠨ᠎ᠠ᠃ ᠤᠷᠭᠤᠯᠳᠠ ᠵᠢᠨ ᠬᠤᠭᠤᠴᠠᠭ᠎ᠠ᠎ᠨᠢ140 ᠡᠳᠦᠷ ᠪᠠᠢ᠌ᠬᠤ ᠭᠠᠵᠠᠷ ᠤᠷᠤᠨ᠎ᠤ ᠬᠦᠷᠢᠶ᠎ᠠ ᠬᠠᠰᠢᠶᠠᠨ᠎ᠳᠤ ᠪᠦᠷ ᠲᠠᠷᠢᠵᠦ ᠪᠤᠯᠤᠨ᠎ᠠ᠃
     ᠤᠷᠭᠤᠭ᠎ᠠ ᠦᠵᠦᠬᠦᠷ ᠪᠤᠯᠤᠨ ᠨᠢᠷᠠᠢ ᠨᠠᠪᠴᠢ᠎ᠨᠢ ᠪᠦᠷ ᠨᠤᠭᠤᠭ᠋ᠠᠨ ᠦᠩᠭᠡᠳᠡᠢ ᠲᠡᠭᠡᠷ᠎ᠡ᠎ᠪᠠᠨ ᠪᠠᠭ᠎ᠠ ᠤᠯᠠᠭ᠋ᠠᠨ ᠬᠦᠷᠡᠩ᠂ ᠬᠢᠯᠪᠠᠭ᠎ᠠ᠎ᠲᠠᠢ᠃ ᠨᠠᠪᠴᠢᠨ᠎ᠤ ᠶᠡᠬᠡ ᠪᠠᠭ᠎ᠠ᠎ᠨᠢ ᠲᠤᠮᠳᠠ ᠬᠡᠪ ᠪᠤᠶᠤ ᠪᠠᠬᠠᠨ ᠵᠢᠵᠢᠭᠬᠡᠨ᠂ ᠭᠤᠷᠪᠠᠯᠵᠢᠨ ᠬᠢᠷᠦᠬᠡᠨ ᠰᠢᠳᠦᠲᠦ ᠬᠦᠪᠡᠭᠡ᠎ᠲᠠᠢ᠃ ᠨᠠᠪᠴᠢᠨ᠎ᠤ ᠠᠷᠤ ᠦᠪᠦᠷ ᠵᠶ᠋ᠡᠷ ᠪᠦᠷ ᠨᠤᠯᠤᠤᠷ ᠦᠭᠡᠢ ᠬᠢᠯᠦᠭᠡᠷ ᠪᠠᠢ᠌ᠳᠠᠭ᠂ ᠬᠤᠤᠰ ᠪᠡᠯᠭᠡᠲᠦ ᠴᠡᠴᠡᠭ᠎ᠲᠠᠢ᠂ ᠵᠢᠮᠢᠰ᠎ᠤᠨ ᠲᠦᠷᠦᠬᠦᠦ᠎ᠨᠢ ᠲᠤᠢ᠌ᠯ᠎ᠤᠨ ᠲᠤᠮᠤ᠂ ᠪᠠᠷᠤᠭ ᠲᠡᠭᠰᠢᠳᠬᠡᠬᠡᠳ 500~1000 g ᠬᠦᠨᠳᠦ ᠪᠠᠢ᠌ᠳᠠᠭ᠂ ᠶᠡᠬᠡ᠎ᠨᠢ 3000~4000g ᠬᠦᠷᠳᠡᠭ᠃ ᠱᠤᠷᠣᠯᠵᠢᠨ ᠬᠡᠯᠪᠡᠷᠢᠳᠠᠢ᠂ ᠮᠦᠬᠦᠯᠢᠭ᠎ᠨᠢ ᠵᠢᠭᠳᠡ ᠪᠤᠰᠤ᠂ ᠵᠠᠷᠢᠮ᠎ᠳᠠᠭᠠᠨ ᠵᠢᠵᠢᠭ ᠮᠦᠬᠦᠯᠢᠭ ᠴᠤ᠌ ᠭᠠᠷᠳᠠᠭ᠃ ᠵᠢᠮᠢᠰ᠎ᠤᠨ ᠲᠦᠷᠦᠬᠦᠦ᠎ᠨᠢ ᠰᠡᠢ᠌ᠷᠡᠭ ᠪᠤᠯᠪᠠᠴᠤ ᠮᠦᠬᠦᠯᠢᠭ᠎ᠨᠢ ᠲᠤᠮᠤ᠂ ᠪᠤᠷᠤ ᠤᠯᠠᠭ᠋ᠠᠨ ᠦᠩᠭᠡᠳᠡᠢ᠃ ᠵᠢᠮᠢᠰ᠎ᠤᠨ ᠬᠠᠯᠢᠰᠤ᠎ᠨᠢ ᠨᠢᠮᠭᠡᠨ᠂ ᠵᠠᠷᠢᠮ᠎ᠳᠠᠭᠠᠨ ᠬᠦᠢ᠍ᠴᠡᠳ ᠪᠤᠯᠪᠠᠰᠤᠷᠠᠭᠰᠠᠨ᠎ᠠᠴᠠ ᠪᠤᠯᠵᠤ ᠠᠩᠭ᠋ᠠᠢ᠌ᠵᠦ ᠬᠠᠭ᠋ᠠᠷᠠᠭ᠋ᠠᠳ ᠬᠠᠳᠠᠭ᠋ᠠᠯᠠᠬᠤ᠎ᠳᠤ ᠲᠡᠰᠪᠦᠷᠢ ᠦᠭᠡᠢ ᠪᠤᠯᠳᠠᠭ᠃ ᠮᠠᠨ᠎ᠤ ᠤᠷᠤᠨ᠎ᠳᠤ ᠶᠢᠰᠦᠳᠦᠭᠡᠷ ᠰᠠᠷ᠎ᠠ ᠵᠢᠨ ᠡᠬᠢ ᠪᠤᠶᠤ ᠲᠤᠮᠳᠠᠴᠢ᠎ᠪᠠᠷ ᠪᠤᠯᠪᠠᠰᠤᠷᠠᠨ᠎ᠠ᠂ ᠵᠢᠮᠢᠰ᠎ᠤᠨ ᠮᠦᠬᠦᠯᠢᠭ᠎ᠤᠨ ᠪᠤᠯᠪᠠᠰᠤᠷᠠᠯᠳᠠ᠎ᠨᠢ ᠨᠢᠭᠡᠳᠦᠯᠳᠡᠢ᠃
     ᠮᠤᠳᠤᠨ᠎ᠤ ᠤᠷᠭᠤᠯᠳᠠ᠎ᠨᠢ ᠨᠡᠯᠢᠶᠠᠳ ᠬᠦᠴᠦᠷᠬᠡᠭ᠂ ᠵᠢᠮᠢᠰᠯᠡᠬᠦ ᠴᠢᠳᠠᠪᠤᠷᠢ᠎ᠨᠢ ᠶᠡᠬᠡ ᠪᠦᠭᠡᠳ ᠡᠬᠢᠯᠡᠵᠦ ᠵᠢᠮᠢᠰ ᠰᠠᠭᠤᠬᠤ᠎ᠨᠢ ᠡᠷᠲᠡ᠂ ᠡᠯᠪᠡᠭ ᠬᠤᠷᠢᠶᠠᠯᠳᠠ ᠤᠯᠬᠤ᠎ᠨᠢ ᠡᠷᠲᠡ ᠪᠠᠢ᠌ᠳᠠᠭ᠃
     ᠲᠤᠭᠲᠠᠬᠤ ᠰᠢᠶᠠᠨ᠎ᠤ ᠦᠵᠦᠮ᠎ᠤᠨ ᠬᠦᠢ᠍ᠲᠡᠨ᠎ᠢ ᠲᠠᠰᠪᠦᠷᠢᠯᠡᠬᠦ ᠴᠢᠳᠠᠪᠤᠷᠢ᠎ᠨᠢ ᠪᠠᠷᠤᠭᠳᠠᠢ ᠪᠤᠯᠪᠠᠴᠤ ᠪᠤᠰᠤᠳ ᠲᠠᠯ᠎ᠠ ᠵᠢᠨ ᠵᠤᠬᠢᠴᠠᠯᠳᠤᠬᠤ ᠴᠢᠨᠠᠷ᠎ᠨᠢ ᠴᠢᠩᠭ᠎ᠠ᠃ ᠭᠠᠩ ᠬᠠᠭᠰᠠᠷᠠᠭ᠋ᠠᠨ᠎ᠳᠤ ᠶᠡᠬᠡ ᠲᠠᠭ᠋ᠠᠭ᠋ᠠᠴᠠᠳᠠᠢ᠃ ᠲᠤᠭᠲᠠᠬᠤ ᠰᠢᠶᠠᠨ᠎ᠤ ᠦᠵᠦᠮ᠎ᠤᠨ ᠵᠢᠮᠢᠰ᠎ᠤᠨ ᠲᠦᠷᠦᠬᠦᠦ᠎ᠨᠢ ᠠᠷᠠᠦ ᠲᠠᠷᠠᠦ ᠪᠦᠭᠡᠳ ᠪᠠᠭ᠎ᠠ ᠮᠦᠬᠦᠯᠢᠭ ᠭᠠᠷᠳᠠᠭ ᠤᠴᠢᠷ᠎ᠠᠴᠠ ᠬᠡᠷᠪᠡ ᠲᠤᠬᠢᠷᠠᠭᠰᠠᠨ ᠬᠤᠭᠤᠴᠠᠭ᠋ᠠᠨ᠎ᠳᠤ ᠰᠠᠯᠠᠭ᠎ᠠ ᠨᠠᠮᠠᠭ᠎ᠠ ᠵᠢᠨ ᠤᠷᠤᠢ ᠵᠢ᠎ᠨᠢ ᠲᠠᠷᠤᠵᠤ ᠦᠭᠬᠦ ᠪᠤᠶᠤ ᠨᠢᠷᠡᠢ ᠵᠢᠮᠢᠰ᠎ᠤᠨ ᠬᠤᠭᠤᠴᠠᠭ᠋ᠠᠨ᠎ᠳᠤ 100~200 PP M m᠎ᠤᠨ ᡂᠢ ᠮᠸᠢ ᠰᠤ᠌ ᠲᠦᠷᠬᠢᠪᠡᠯ ᠠᠮᠵᠢᠯᠳᠠ᠎ᠨᠢ ᠮᠡᠳᠡᠭᠳᠡᠬᠦᠢ᠌ᠴᠡ ᠪᠤᠯᠳᠠᠭ᠃

ᠢᠷᠡᠯᠲᠡ᠄ 《ᠵᠢᠮᠢᠰ᠎ᠤᠨ ᠮᠤᠳᠤ ᠢᠳᠡᠰᠢᠨ ᠨᠤᠭᠤᠭ᠎ᠠ ᠲᠠᠷᠢᠵᠦ ᠡᠵᠡᠩᠨᠡᠬᠦ ᠮᠡᠷᠭᠡᠵᠢᠯ》
          
ᠬᠠᠮᠢᠶ᠎ᠡ ᠪᠦᠬᠦᠢ ᠰᠣᠨᠢᠨ
 
             蒙ICP备05000248号