ᠡᠨᠡ ᠪᠤᠯ ᠡᠾᠸᠪᠸᠢ ᠮᠤᠵᠢ ᠵᠢᠨ ᠵᠡᠭᠦᠨ ᠬᠡᠰᠡᠭ᠎ᠲᠤ ᠤᠳᠠᠭ᠋ᠠᠨ ᠵᠢᠯ ᠤᠷᠭᠤᠭᠤᠯᠵᠤ ᠢᠷᠡᠭᠰᠡᠨ ᠰᠢᠯᠢᠳᠡᠭ ᠰᠠᠢ᠌ᠨ ᠡᠭᠦᠯᠳᠡᠷ ᠶᠤᠮ᠃ ᠮᠤᠳᠦ᠎ᠨᠢ ᠰᠠᠭᠰᠠᠭ᠋ᠠᠷ ᠳᠡᠯᠭᠡᠭᠦᠦ᠂ ᠰᠠᠯᠠᠭ᠎ᠠ ᠮᠦᠴᠢᠷ ᠤᠯᠠᠨ᠂ ᠭᠡᠪᠡᠴᠦ ᠤᠷᠭᠤᠯᠳᠠ᠎ᠨᠢ ᠢᠳᠡᠷᠡᠬᠦᠨ ᠪᠢᠰᠢ᠂ ᠡᠷᠲᠡ ᠵᠢᠮᠢᠰᠯᠠᠨᠠ᠂ ᠠᠷᠠᠴᠢᠯᠠᠨ ᠬᠠᠮᠢᠶᠠᠷᠬᠤ᠎ᠨᠢ ᠲᠤᠬᠢᠳᠠᠢ ᠪᠤᠯ ᠬᠤᠷᠢᠶᠠᠯᠳᠠ᠎ᠨᠢ ᠡᠯᠪᠡᠭ ᠪᠠᠢ᠌ᠳᠠᠭ᠃
ᠦᠷ᠎ᠡ ᠵᠢᠮᠢᠰ᠎ᠤᠨ ᠪᠡᠶ᠎ᠡ ᠪᠢᠯᠳᠠᠷ᠎ᠨᠢ ᠪᠠᠷᠤᠭᠳᠠᠢ᠂ ᠵᠢᠮᠢᠰ᠎ᠤᠨ ᠬᠠᠯᠢᠰᠤ᠎ᠨᠢ ᠴᠠᠢ᠌ᠪᠤᠷ ᠨᠤᠭᠤᠭ᠋ᠠᠨ᠂ ᠨᠡᠷᠡᠨ ᠡᠭᠡᠪᠦᠷ ᠲᠠᠯ᠎ᠠ᠎ᠨᠢ ᠤᠯᠠᠭ᠋ᠠᠨ᠂ ᠮᠢᠬ᠎ᠠ᠎ᠨᠢ ᠵᠤᠵᠠᠭ᠋ᠠᠨ ᠪᠦᠭᠡᠳ ᠨᠠᠷᠢᠯᠢᠭ ᠵᠦᠭᠡᠯᠡᠨ᠂ ᠰᠢᠭᠦᠰᠦ ᠦᠯᠡᠮᠵᠢᠬᠡᠨ᠂ ᠮᠠᠰᠢ ᠰᠢᠬᠢᠷᠯᠢᠭ᠂ ᠴᠦᠮ᠎ᠡ᠎ᠨᠢ ᠠᠮᠠᠷᠬᠠᠨ᠂ ᠰᠠᠯᠳᠠᠭ᠂ ᠦᠷ᠎ᠡ᠎ᠨᠢ ᠭᠠᠰᠢᠭᠤᠨ᠂ ᠲᠦᠬᠦᠬᠡᠢ᠎ᠪᠠᠷ ᠢᠳᠡᠬᠦ᠎ᠳᠤ ᠰᠢᠯᠢᠳᠡᠭ ᠰᠠᠢ᠌ᠨ ᠡᠭᠦᠯᠳᠡᠷ ᠮᠦᠨ᠃