ᠡᠨᠡ ᠪᠤᠯ ᠨᠢᠭᠡ ᠵᠦᠢ᠍ᠯ᠎ᠤᠨ ᠤᠷᠤᠨ ᠨᠤᠲᠤᠭ᠎ᠤᠨ ᠡᠭᠦᠯᠳᠡᠷ ᠮᠦᠨ᠃ ᠮᠠᠨ᠎ᠤ ᠤᠷᠤᠨ᠎ᠤ ᠲᠦᠮᠡᠳ ᠪᠠᠷᠠᠭᠤᠨ ᠬᠤᠰᠢᠭᠤᠨ᠎ᠤ ᠭ᠋ᠸᠦ ᠮᠸᠸᠨ᠂ ᠱᠠ ᠲᠦᠸᠸ ᠭ᠋ᠸᠦ ᠪᠠᠷᠢᠭ᠋ᠠᠳᠠ᠎ᠳᠤ ᠪᠤᠢ᠌ᠵᠢᠭᠤᠯᠤᠭᠰᠠᠨ ᠲᠦᠷᠦᠯ ᠵᠦᠢ᠍ᠯ ᠪᠤᠯᠤᠨ᠎ᠠ᠃
ᠮᠤᠳᠤᠨ᠎ᠤ ᠤᠷᠭᠤᠴᠠ᠎ᠨᠢ ᠢᠳᠡᠷᠡᠬᠦᠨ᠂ ᠲᠦᠷᠰᠦ ᠪᠠᠢ᠌ᠳᠠᠯ᠎ᠨᠢ ᠳᠡᠯᠭᠡᠭᠦᠦ᠂ ᠵᠠᠢ᠌ᠯᠠᠭ᠋ᠠᠳ ᠲᠦᠷᠪᠡᠨ ᠵᠢᠯ ᠪᠤᠯᠤᠭᠰᠠᠭ᠋ᠠᠷ ᠵᠢᠮᠢᠰ ᠰᠠᠭᠤᠵᠤ ᠡᠬᠢᠯᠡᠳᠡᠭ᠃ ᠳᠤᠯᠤᠭ᠋ᠠᠨ ᠵᠢᠯ ᠪᠤᠯᠪᠠᠯ ᠦᠷᠨᠢᠬᠦᠨ ᠵᠢᠮᠢᠰᠯᠡᠬᠦ ᠬᠤᠭᠤᠴᠠᠭ᠋ᠠᠨ᠎ᠳᠤ᠎ᠪᠠᠨ ᠤᠷᠤᠳᠠᠭ᠃ ᠬᠤᠷᠢᠶᠠᠯᠳᠠ᠎ᠨᠢ ᠲᠤᠮᠳᠠ ᠬᠡᠪ᠂ ᠪᠠᠰᠠ 《ᠵᠢᠯ ᠦᠨᠵᠢᠵᠦ》 ᠵᠢᠮᠢᠰᠯᠡᠬᠦ ᠦᠵᠡᠭᠳᠡᠯ᠎ᠲᠠᠢ᠃
ᠦᠷ᠎ᠡ ᠵᠢᠮᠢᠰ᠎ᠨᠢ ᠳᠤᠮᠤ᠂ ᠳᠤᠮᠳᠠᠴᠢ ᠬᠦᠨᠳᠦ᠎ᠨᠢ 27.8 g᠂ ᠲᠤᠭᠤᠷᠢᠭ ᠬᠡᠯᠪᠡᠷᠢᠳᠠᠢ᠂ ᠵᠢᠮᠢᠰ᠎ᠤᠨ ᠬᠠᠯᠢᠰᠤᠨ᠎ᠤ ᠳᠡᠪᠢᠰᠭᠡᠷ ᠦᠩᠭᠡ᠎ᠨᠢ ᠰᠢᠷ᠎ᠠ᠂ ᠳᠡᠭᠡᠷ᠎ᠡ᠎ᠨᠢ ᠤᠯᠠᠭ᠋ᠠᠨ ᠲᠤᠶᠠᠭ᠎ᠠ ᠰᠢᠭ᠋ ᠲᠤᠰᠤᠯ᠎ᠲᠠᠢ᠃ ᠵᠢᠮᠢᠰ᠎ᠤᠨ ᠬᠠᠯᠢᠰᠤ᠎ᠨᠢ ᠵᠤᠵᠠᠭ᠋ᠠᠨ᠂ ᠭᠢᠯᠦᠭᠡᠷ᠂ ᠵᠢᠮᠢᠰ᠎ᠤᠨ ᠮᠢᠬ᠎ᠠ᠎ᠨᠢ ᠰᠢᠷ᠎ᠠ ᠦᠩᠭᠡᠳᠡᠢ᠂ ᠵᠤᠵᠠᠭ᠋ᠠᠨ ᠮᠦᠷᠳᠡᠭᠡᠨ ᠵᠦᠭᠡᠯᠡᠨ᠂ ᠰᠢᠷᠬᠡᠭ ᠡᠳ᠋ ᠴᠦᠬᠡᠨ᠂ ᠰᠢᠬᠢᠷᠯᠢᠭ ᠠᠮᠳᠠᠳᠠᠢ᠂ ᠴᠦᠮ᠎ᠡ᠎ᠨᠢ ᠠᠮᠠᠷᠬᠠᠨ ᠰᠠᠯᠳᠠᠭ᠂ ᠴᠢᠨᠠᠷ ᠴᠢᠨᠰᠠᠭ᠎ᠠ᠎ᠨᠢ ᠳᠡᠭᠡᠳᠦ ᠵᠡᠷᠭᠡ᠂ ᠡᠷᠲᠡ ᠪᠤᠯᠪᠠᠰᠤᠷᠠᠬᠤ ᠡᠭᠦᠯᠳᠡᠷ ᠮᠦᠨ᠃ ᠪᠠᠷᠤᠭ 6 ᠳ᠋ᠤᠭ᠋ᠠᠷ ᠰᠠᠷ᠎ᠠ ᠵᠢᠨ ᠬᠤᠷᠢᠳ ᠵᠶ᠋ᠠᠷ ᠪᠤᠯᠪᠠᠰᠤᠷᠠᠨ᠎ᠠ᠃ ᠲᠤᠳᠠᠭᠳᠠᠯ᠎ᠲᠠᠢ ᠲᠠᠯ᠎ᠠ᠎ᠨᠢ ᠬᠦᠢ᠍ᠲᠡᠨ᠎ᠢ ᠳᠡᠰᠪᠦᠷᠢᠯᠡᠬᠦ ᠴᠢᠨᠠᠷ ᠵᠶ᠋ᠠᠷ ᠲᠤᠲᠠᠮᠠᠭ᠂ ᠤᠨᠴᠤᠭᠤᠢ ᠬᠦᠢ᠍ᠲᠠᠨ ᠡᠪᠤᠯ ᠲᠤᠬᠢᠶᠠᠯᠳᠤᠪᠠᠯ ᠴᠡᠴᠡᠭ᠎ᠤᠨ ᠨᠠᠬᠢᠶ᠎ᠠ᠎ᠨᠢ ᠬᠦᠯᠳᠡᠳᠡᠭ᠃ ᠴᠡᠴᠡᠭᠯᠡᠬᠦ ᠬᠤᠭᠤᠴᠠᠭ᠎ᠠ ᠪᠤᠯᠤᠨ ᠨᠢᠷᠠᠢ ᠵᠢᠮᠢᠰ᠎ᠤᠨ ᠬᠤᠭᠤᠴᠠᠭ᠋ᠠᠨ᠎ᠳᠤ ᠤᠷᠤᠢ ᠵᠢᠨ ᠬᠢᠷᠠᠭᠤ᠎ᠳᠤ ᠬᠦᠨᠦᠭᠡᠭᠳᠡᠨᠡ᠃