ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠣᠭᠤᠭᠠᠷᠠᠭᠤᠯᠤᠯᠲᠠ   -   ᠣᠢ ᠮᠤᠳᠤᠨ᠎ᠤ ᠰᠢᠯᠢᠳᠡᠭ ᠡᠭᠦᠯᠳᠡᠷ
ᠯᠦᠩ ᠶᠠᠨ ᠦᠵᠦᠮ
ᠨᠡᠶ᠋ᠢᠲᠡᠯᠡᠭᠰᠡᠨ ᠴᠠᠭ᠄ 2024-08-22


   ᠡᠭᠦᠨ᠎ᠢ ᠪᠠᠰᠠ ᠤᠯᠠᠭ᠋ᠠᠨ ᠦᠵᠦᠮ ᠭᠡᠬᠦ ᠪᠤᠶᠤ ᠨᠠᠮᠤᠷ᠎ᠤᠨ ᠪᠤᠷᠤ ᠦᠵᠦᠮ ᠭᠡᠳᠡᠭ᠃ ᠮᠠᠨ᠎ᠤ ᠤᠯᠤᠰ᠎ᠤᠨ ᠡᠷᠲᠡ᠎ᠠᠴᠠ ᠲᠠᠷᠢᠵᠦ ᠪᠤᠢ᠌ᠵᠢᠭᠤᠯᠵᠤ ᠢᠷᠡᠭᠰᠡᠨ ᠰᠢᠯᠢᠳᠡᠭ ᠰᠠᠢ᠌ᠨ ᠡᠭᠦᠯᠳᠡᠷ ᠮᠦᠨ᠃ ᠦᠪᠦᠷ ᠮᠤᠩᠭᠤᠯ᠎ᠤᠨ ᠰᠠᠭ᠋ᠠᠯᠢᠴᠢᠨ᠂ ᠪᠤᠭᠤᠲᠤ ᠬᠤᠳᠠ ᠪᠠ ᠤᠯᠠᠭ᠋ᠠᠨᠬᠠᠳᠠ ᠵᠢᠨ ᠲᠡᠭᠦᠷᠭᠡ ᠵᠢᠨ ᠪᠠᠭ᠎ᠠ ᠠᠭᠤᠷ ᠠᠮᠢᠰᠬᠤᠯ ᠰᠠᠢ᠌ᠲᠠᠢ ᠭᠠᠵᠠᠷ ᠵᠶ᠋ᠠᠷ ᠤᠯᠠᠨ ᠵᠢᠯ᠎ᠤᠨ ᠲᠤᠷᠰᠢ ᠲᠠᠷᠢᠭᠰᠠᠭ᠋ᠠᠷ ᠢᠷᠡᠭᠰᠡᠨ ᠶᠤᠮ᠃ ᠬᠦᠷᠦᠰᠦ ᠰᠢᠷᠤᠢ ᠵᠢᠨ ᠱᠠᠭ᠋ᠠᠷᠳᠠᠯᠭ᠎ᠠ ᠴᠢᠩᠭ᠎ᠠ ᠪᠤᠰᠤ᠂ ᠠᠭᠤᠯᠠᠷᠬᠠᠭ᠂ ᠲᠤᠪᠤᠷᠴᠠᠭ ᠭᠠᠵᠠᠷ ᠪᠤᠯᠤᠨ ᠭᠠᠩ ᠬᠠᠭᠤᠷᠠᠢ᠌ᠯᠢᠭ ᠬᠦᠷᠦᠰᠦᠨ᠎ᠳᠤ ᠪᠦᠷ ᠪᠤᠢ᠌ᠵᠢᠭᠤᠯᠵᠤ ᠪᠤᠯᠤᠨ᠎ᠠ᠃ ᠬᠡᠳᠦᠢ᠌ᠪᠡᠷ ᠡᠢ᠌ᠮᠦ ᠪᠤᠯᠪᠠᠴᠤ ᠠᠩᠬᠠᠷᠤᠭᠤᠰᠢᠳᠠᠢ ᠵᠦᠢ᠍ᠯ ᠭᠡᠪᠡᠯ᠂ ᠤᠷᠭᠤᠯᠳᠠ ᠵᠢᠨ ᠴᠠᠭ ᠬᠤᠭᠤᠴᠠᠭ᠎ᠠ᠎ᠨᠢ 170 ᠡᠳᠦᠷ᠎ᠠᠴᠠ ᠳᠡᠭᠡᠭᠰᠢ ᠪᠠᠢ᠌ᠬᠤ ᠭᠠᠵᠠᠷ ᠤᠷᠤᠨ᠎ᠳᠤ ᠰᠠᠶᠢ ᠦᠷ᠎ᠡ ᠵᠢᠮᠢᠰ᠎ᠨᠢ ᠪᠤᠯᠪᠠᠰᠤᠷᠠᠵᠤ ᠵᠠᠪᠳᠤᠨ᠎ᠠ᠃ ᠡᠰᠡ ᠲᠡᠭᠡᠪᠡᠯ ᠦᠷ᠎ᠡ ᠵᠢᠮᠢᠰ᠎ᠨᠢ ᠪᠤᠯᠪᠠᠰᠤᠷᠠᠵᠤ ᠠᠮᠵᠢᠬᠤ ᠦᠭᠡᠢ᠎ᠪᠠᠷ ᠬᠦᠢ᠍ᠲᠡᠷᠡᠴᠢᠬᠡᠳᠡᠭ᠃
   ᠯᠦᠩ ᠶᠠᠨ ᠦᠵᠦᠮ᠎ᠤᠨ ᠡᠮᠵᠡᠭ ᠦᠵᠦᠬᠦᠷ᠎ᠨᠢ ᠨᠤᠭᠤᠭ᠋ᠠᠪᠲᠤᠷ᠂ ᠨᠢᠷᠡᠢ ᠨᠠᠪᠴᠢ᠎ᠨᠢ ᠤᠯᠠᠭ᠋ᠠᠨ ᠬᠦᠷᠡᠩ᠂ ᠬᠢᠯᠪᠠᠭ᠎ᠠ᠎ᠲᠠᠢ᠃ ᠨᠠᠪᠴᠢᠨ᠎ᠤ ᠶᠡᠬᠡ ᠪᠠᠭ᠎ᠠ᠎ᠨᠢ ᠳᠤᠮᠳᠠ ᠬᠡᠪ᠂ ᠪᠦᠭᠡᠷ᠎ᠡ ᠵᠢᠨ ᠬᠡᠯᠪᠡᠷᠢᠳᠠᠢ᠂ ᠦᠩᠭᠡᠨ ᠲᠠᠯ᠎ᠠ᠎ᠨᠢ ᠬᠢᠯᠦᠭᠡᠷ᠂ ᠠᠷᠤ ᠲᠠᠯ᠎ᠠ᠎ᠨᠢ ᠨᠤᠯᠤᠤᠷ ᠦᠭᠡᠢ᠃ ᠨᠢᠭᠡᠨ ᠨᠠᠰᠤᠲᠤ ᠵᠡᠯ᠎ᠡ᠎ᠨᠢ ᠬᠦᠨ ᠬᠦᠷᠡᠩ ᠦᠩᠭᠡᠳᠡᠢ ᠪᠦᠬᠡᠳ ᠲᠡᠭᠦᠨ᠎ᠤ ᠳᠡᠭᠡᠭᠦᠷ᠎ᠨᠢ ᠬᠠᠷᠠᠪᠲᠤᠷ ᠵᠤᠷᠪᠤᠰ᠎ᠲᠠᠢ᠃ ᠦᠶ᠎ᠡ ᠵᠢᠨ ᠵᠠᠢ᠎ᠨᠢ ᠤᠷᠲᠤ ᠪᠦᠭᠡᠳ ᠪᠦᠳᠦᠬᠦᠨ᠂ ᠵᠢᠮᠢᠰ᠎ᠤᠨ ᠲᠦᠷᠦᠬᠦᠦ᠎ᠨᠢ ᠪᠤᠵᠠᠭ᠋ᠠᠢ᠂ ᠲᠤᠮᠳᠠ ᠵᠢ ᠪᠠᠷᠢᠮᠳᠠᠯᠠᠭᠰᠠᠨ ᠬᠦᠨᠳᠦ᠎ᠨᠢ 600—700g ᠪᠠᠢ᠌ᠳᠠᠭ᠃ ᠵᠢᠮᠢᠰ᠎ᠤᠨ ᠮᠦᠬᠦᠯᠢᠭ᠎ᠨᠢ ᠲᠤᠮᠤ᠂ ᠪᠦᠭᠡᠷᠡᠩᠬᠡᠢ ᠬᠡᠯᠪᠡᠷᠢᠳᠡᠢ᠂ ᠪᠤᠷᠤ ᠤᠯᠠᠭ᠋ᠠᠨ ᠦᠩᠭᠡᠳᠡᠢ᠂ ᠶᠡᠬᠡ ᠪᠠᠭ᠎ᠠ᠎ᠨᠢ ᠲᠡᠩᠴᠡᠭᠦᠭᠡᠨ ᠪᠠᠢ᠌ᠳᠠᠭ᠃ ᠵᠢᠮᠢᠰ᠎ᠤᠨ ᠬᠠᠯᠢᠰᠤ᠎ᠨᠢ ᠵᠤᠵᠠᠭ᠋ᠠᠯᠢᠭ᠂ ᠵᠢᠮᠢᠰ᠎ᠨᠢ ᠵᠦᠭᠡᠯᠡᠨ ᠪᠦᠭᠡᠳ ᠰᠢᠭᠦᠰᠦ ᠤᠯᠠᠨ᠂ ᠰᠢᠬᠢᠷᠯᠢᠭ ᠬᠦᠴᠢᠯ ᠠᠮᠳᠠᠳᠠᠢ᠃ ᠦᠨᠦᠷ᠎ᠨᠢ ᠠᠩᠬᠢᠯᠤᠮ᠎ᠠ ᠪᠢᠰᠢ᠂ ᠪᠤᠯᠪᠠᠰᠤᠷᠠᠵᠤ ᠬᠦᠢ᠍ᠴᠡᠪᠡᠯ ᠶᠠᠰᠤ ᠴᠢᠨᠠᠷ᠎ᠨᠢ ᠤᠬᠢ ᠰᠠᠢ᠌ᠨ ᠪᠤᠯᠳᠠᠭ᠃
   ᠮᠤᠳᠤᠨ᠎ᠤ ᠤᠷᠭᠤᠴᠠ᠎ᠨᠢ ᠢᠳᠡᠷᠡᠬᠦᠨ᠂ ᠬᠤᠷᠢᠶᠠᠯᠳᠠ᠎ᠨᠢ ᠡᠯᠪᠡᠭ᠂ ᠭᠡᠪᠡᠴᠦ ᠵᠢᠮᠢᠰᠯᠡᠬᠦ ᠨᠤᠷᠮ᠎ᠠ᠎ᠨᠢ ᠳᠤᠤᠷ᠎ᠠ᠂ ᠵᠢᠮᠢᠰᠯᠡᠬᠦ ᠰᠠᠯᠠᠭ᠎ᠠ ᠪᠤᠯᠭ᠋ᠠᠨ ᠳᠡᠭᠡᠷ᠎ᠡ᠎ᠨᠢ ᠨᠢᠭᠡ ᠲᠦᠷᠦᠬᠦᠦ ᠤᠷᠭᠤᠳᠠᠭ᠃ ᠲᠡᠳ᠋ ᠰᠠᠯᠠᠭ᠎ᠠ ᠵᠢᠨ ᠵᠢᠮᠢᠰ ᠰᠠᠭᠤᠬᠤ ᠴᠢᠳᠠᠪᠤᠷᠢ᠎ᠨᠢ ᠪᠠᠭᠤᠷᠠᠢ ᠪᠠᠢ᠌ᠳᠠᠭ᠃ ᠪᠤᠯᠪᠠᠰᠤᠷᠠᠯᠳᠠ᠎ᠨᠢ ᠲᠦᠢ᠍ᠯ᠎ᠤᠨ ᠤᠷᠤᠢ᠂ ᠮᠠᠨ᠎ᠤ ᠦᠪᠦᠷ ᠮᠤᠩᠭᠤᠯ ᠤᠷᠤᠨ᠎ᠳᠤ ᠠᠷᠪᠠᠨ ᠰᠠᠷ᠎ᠠ ᠵᠢᠨ ᠡᠬᠢ ᠪᠤᠶᠤ ᠳᠤᠮᠳᠠᠴᠢ᠎ᠪᠠᠷ ᠰᠠᠶᠢ ᠪᠤᠯᠪᠠᠰᠤᠷᠠᠨ᠎ᠠ᠃
    ᠯᠦᠩ ᠶᠠᠨ ᠦᠵᠦᠮ᠎ᠤᠨ ᠵᠤᠬᠢᠴᠠᠯᠳᠤᠬᠤ ᠴᠢᠨᠠᠷ᠎ᠨᠢ ᠴᠢᠩᠭ᠎ᠠ᠂ ᠲᠠᠴᠢᠷ ᠮᠠᠭᠤ ᠬᠦᠷᠦᠰᠦᠨ᠎ᠳᠤ ᠪᠠᠰᠠ ᠵᠤᠬᠢᠴᠠᠳᠠᠭ᠃ ᠪᠤᠷᠳᠤᠭᠤᠷ ᠤᠰᠤᠨ᠎ᠤ ᠱᠠᠭ᠋ᠠᠷᠳᠠᠯᠭ᠎ᠠ᠎ᠨᠢ ᠳᠡᠮᠡᠢ ᠴᠢᠩᠭ᠎ᠠ ᠪᠢᠰᠢ᠂ ᠭᠠᠩ᠎ᠢ ᠶᠡᠬᠡ ᠳᠠᠭ᠋ᠠᠭ᠋ᠠᠨ᠎ᠠ᠃ ᠭᠠᠩᠳᠠᠮᠠᠯ ᠬᠦᠷᠦᠰᠦᠨ᠎ᠳᠤ ᠲᠠᠷᠢᠵᠦ ᠪᠤᠢ᠌ᠵᠢᠭᠤᠯᠤᠭᠰᠠᠨ ᠯᠦᠩ ᠶᠠᠨ ᠦᠵᠦᠮ᠎ᠤᠨ ᠴᠢᠨᠠᠷ ᠴᠢᠨᠰᠠᠭ᠎ᠠ᠎ᠨᠢ ᠨᠡᠩ ᠰᠠᠢ᠌ᠨ ᠪᠠᠢ᠌ᠳᠠᠭ᠃

ᠢᠷᠡᠯᠲᠡ᠄ 《ᠵᠢᠮᠢᠰ᠎ᠤᠨ ᠮᠤᠳᠤ ᠢᠳᠡᠰᠢᠨ ᠨᠤᠭᠤᠭ᠎ᠠ ᠲᠠᠷᠢᠵᠦ ᠡᠵᠡᠩᠨᠡᠬᠦ ᠮᠡᠷᠭᠡᠵᠢᠯ》
          
ᠬᠠᠮᠢᠶ᠎ᠡ ᠪᠦᠬᠦᠢ ᠰᠣᠨᠢᠨ
 
             蒙ICP备05000248号