ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠣᠭᠤᠭᠠᠷᠠᠭᠤᠯᠤᠯᠲᠠ   -   ᠣᠢ ᠮᠤᠳᠤᠨ᠎ᠤ ᠰᠢᠯᠢᠳᠡᠭ ᠡᠭᠦᠯᠳᠡᠷ
ᠵᠢᠦᠢ ᠹᠸᠩ ᠦᠵᠦᠮ
ᠨᠡᠶ᠋ᠢᠲᠡᠯᠡᠭᠰᠡᠨ ᠴᠠᠭ᠄ 2024-09-18


    ᠮᠠᠨ᠎ᠤ ᠤᠷᠤᠨ᠎ᠤ ᠵᠤᠩᠬᠢᠯᠠᠬᠤ ᠭᠠᠵᠠᠷ ᠵᠶ᠋ᠠᠷ ᠳᠠᠷᠢᠵᠦ ᠪᠤᠢ᠌ᠵᠢᠭᠤᠯᠵᠤ ᠪᠤᠯᠤᠨ᠎ᠠ᠃ ᠤᠷᠭᠤᠯᠳᠠ ᠵᠢᠨ ᠬᠤᠭᠤᠴᠠᠭ᠎ᠠ᠎ᠨᠢ 140 ᠡᠳᠦᠷ ᠬᠦᠷᠬᠦ ᠭᠠᠵᠠᠷ᠎ᠤᠨ ᠬᠦᠷᠢᠶ᠎ᠡ ᠬᠠᠰᠢᠶᠠᠨ᠎ᠳᠤ ᠪᠦᠷ ᠪᠤᠢ᠌ᠵᠢᠭᠤᠯᠵᠤ ᠪᠤᠯᠤᠨ᠎ᠠ᠃ ᠮᠠᠨ᠎ᠤ ᠤᠷᠤᠨ᠎ᠳᠤ ᠤᠷᠤᠭᠤᠯᠵᠤ ᠪᠤᠢ᠌ᠵᠢᠭᠤᠯᠤᠭᠰᠠᠨ ᠪᠠᠢ᠌ᠳᠠᠯ᠎ᠠᠴᠠ ᠦᠵᠡᠪᠡᠯ ᠨᠡᠯᠢᠶᠡᠳ ᠵᠦᠭᠡᠷ ᠢᠯᠡᠷᠡᠯ᠎ᠲᠠᠢ ᠪᠤᠯᠬᠤᠷ ᠭᠤᠤᠯ ᠪᠤᠯᠭ᠋ᠠᠵᠤ ᠪᠤᠢ᠌ᠵᠢᠭᠤᠯᠵᠤ ᠪᠤᠯᠤᠨ᠎ᠠ᠃
    ᠨᠢᠷᠡᠢ ᠦᠵᠦᠬᠦᠷ᠎ᠨᠢ ᠨᠤᠭᠤᠭ᠋ᠠᠨ ᠦᠩᠭᠡᠳᠡᠢ ᠪᠦᠬᠡᠳ ᠨᠢᠭ᠋ ᠨᠤᠯᠤᠤᠷ ᠲᠠᠷᠬᠠᠭᠰᠠᠨ ᠪᠠᠢ᠌ᠨ᠎ᠠ᠃ ᠨᠠᠪᠴᠢ᠎ᠨᠢ ᠲᠤᠮᠤ ᠪᠦᠬᠡᠳ ᠵᠤᠵᠠᠭ᠋ᠠᠨ᠂ ᠦᠩᠭᠡ᠎ᠨᠢ ᠬᠠᠷᠠᠪᠲᠤᠷ ᠨᠤᠭᠤᠭ᠋ᠠᠨ᠂ ᠨᠢᠭᠡ ᠨᠠᠰᠤᠲᠤ ᠰᠠᠯᠠᠭ᠎ᠠ ᠵᠢᠨ ᠤᠷᠭᠤᠴᠠ᠎ᠨᠢ ᠪᠦᠲᠦᠬᠦᠨ ᠲᠤᠷᠪᠢᠳᠠᠢ᠂ ᠨᠠᠬᠢᠶᠠᠨ᠎ᠤ ᠨᠢᠳᠦ᠎ᠨᠢ ᠳᠤᠮᠤ᠂ ᠬᠤᠤᠰ ᠪᠡᠯᠭᠡᠲᠦ ᠴᠡᠴᠡᠭ᠎ᠲᠠᠢ᠃ ᠵᠢᠮᠢᠰ᠎ᠤᠨ ᠲᠦᠷᠦᠬᠦᠦ᠎ᠨᠢ ᠲᠤᠮᠳᠠᠯᠢᠭ ᠪᠤᠶᠤ ᠪᠠᠬᠠᠨ ᠲᠤᠮᠤ᠂ ᠱᠤᠷᠤᠯᠵᠢᠨ ᠬᠡᠯᠪᠡᠷᠢᠳᠠᠢ᠃ ᠵᠢᠮᠢᠰ᠎ᠤᠨ ᠮᠦᠬᠦᠯᠢᠭ᠎ᠨᠢ ᠵᠢᠭᠳᠡ ᠲᠡᠭᠰᠢ ᠪᠤᠯᠪᠠᠴᠤ ᠨᠢᠭᠲᠠᠴᠠ᠎ᠨᠢ ᠠᠳᠠᠯᠢ ᠪᠤᠰᠤ ᠪᠠᠢ᠌ᠳᠠᠭ᠃ ᠵᠢᠮᠢᠰ᠎ᠤᠨ ᠮᠦᠬᠦᠯᠢᠭ᠎ᠨᠢ ᠳᠤᠮᠤ᠂ ᠲᠤᠭᠤᠷᠢᠭ ᠬᠡᠯᠪᠡᠷᠢᠳᠠᠢ᠂ ᠪᠤᠷᠤ ᠦᠩᠭᠡᠳᠡᠢ᠂ ᠵᠢᠮᠢᠰ᠎ᠤᠨ ᠬᠠᠯᠢᠰᠤ᠎ᠨᠢ ᠵᠤᠵᠠᠭ᠋ᠠᠨ᠂ ᠮᠢᠬ᠎ᠠ᠎ᠨᠢ ᠵᠦᠭᠡᠯᠡᠨ ᠪᠦᠬᠡᠳ ᠲᠠᠷᠭᠤᠨ᠂ ᠰᠢᠭᠦᠰᠦ᠎ᠨᠢ ᠦᠯᠡᠮᠵᠢᠬᠡᠨ᠂ ᠭᠦᠵᠡᠯᠵᠡᠭᠡᠨ᠎ᠡ ᠵᠢᠨ ᠠᠩᠬᠢᠯᠤᠮ᠎ᠠ ᠦᠨᠦᠷ᠎ᠲᠠᠢ᠂ ᠶᠠᠰᠤ ᠴᠢᠨᠠᠷ᠎ᠨᠢ ᠤᠬᠢ ᠰᠠᠢ᠌ᠨ ᠶᠤᠮ᠃
    ᠮᠤᠳᠤᠨ᠎ᠤ ᠤᠷᠭᠤᠴᠠ ᠵᠢᠨ ᠪᠠᠢ᠌ᠴᠠ᠎ᠨᠢ ᠢᠳᠡᠷᠡᠬᠦᠨ᠂ ᠵᠢᠮᠢᠰ ᠰᠠᠭᠤᠬᠤ ᠨᠤᠷᠮ᠎ᠠ᠎ᠨᠢ ᠦᠨᠳᠦᠷ᠂ ᠵᠢᠮᠢᠰᠯᠡᠬᠦ᠎ᠨᠢ ᠡᠷᠲᠡ᠂ ᠡᠯᠪᠡᠭ ᠬᠤᠷᠢᠶᠠᠯᠳᠠᠳᠤ ᠴᠢᠨᠠᠷ᠎ᠲᠠᠢ᠃ ᠭᠡᠪᠡᠴᠦ ᠴᠡᠴᠡᠭ ᠵᠤᠯᠭ᠋ᠠᠷᠠᠵᠤ ᠵᠢᠮᠢᠰ ᠤᠨᠠᠬᠤ᠎ᠨᠢ ᠨᠤᠴᠢᠳᠠᠢ ᠪᠠᠢ᠌ᠳᠠᠭ᠃ ᠮᠠᠨ᠎ᠤ ᠣᠷᠣᠨ᠎ᠳᠤ ᠶᠢᠰᠦᠳᠦᠭᠡᠷ ᠰᠠᠷ᠎ᠠ ᠵᠢᠨ ᠰᠡᠭᠦᠯᠴᠢ᠎ᠪᠠᠷ ᠪᠤᠯᠪᠠᠰᠤᠷᠠᠨ᠎ᠠ᠃ ᠪᠤᠯᠪᠠᠰᠤᠷᠠᠯᠲᠠ ᠵᠢᠨ ᠬᠤᠭᠤᠴᠠᠭ᠋ᠠᠨ᠎ᠳᠤ ᠲᠤᠯᠠᠭ᠋ᠠᠨ᠎ᠤ ᠬᠡᠮᠵᠢᠶ᠎ᠡ ᠦᠨᠳᠦᠷ ᠪᠤᠯ ᠴᠢᠨᠠᠷ ᠴᠢᠨᠰᠠᠭ᠎ᠠ᠎ᠨᠢ ᠮᠡᠳᠡᠭᠳᠡᠬᠦᠢ᠌ᠴᠡ ᠰᠠᠢ᠌ᠵᠢᠷᠠᠳᠠᠭ ᠶᠤᠮ᠃ ᠭᠡᠪᠡᠴᠦ ᠲᠤᠯᠠᠭ᠋ᠠᠨ᠎ᠤ ᠬᠡᠮᠵᠢᠶ᠎ᠡ ᠳᠤᠤᠷ᠎ᠠ ᠪᠤᠯᠤᠭᠰᠠᠭ᠋ᠠᠷ ᠴᠢᠨᠠᠷ᠎ᠨᠢ ᠮᠠᠭᠤᠳᠠᠵᠤ ᠬᠦᠴᠢᠯᠯᠢᠭ ᠠᠮᠳᠠᠳᠠᠢ ᠪᠤᠯᠳᠠᠭ᠃
    ᠵᠢᠦᠢ ᠹᠸᠩ ᠦᠵᠦᠮ᠎ᠤᠨ ᠲᠤᠬᠢᠷᠠᠯᠴᠠᠬᠤ ᠴᠢᠨᠠᠷ ᠪᠤᠯᠤᠨ ᠬᠦᠢ᠍ᠲᠡᠨ᠎ᠢ ᠲᠡᠰᠪᠦᠷᠢᠯᠡᠬᠦ ᠴᠢᠳᠠᠯ᠎ᠨᠢ ᠪᠦᠷ ᠴᠢᠩᠭ᠎ᠠ᠂ ᠰᠠᠯᠠᠭ᠎ᠠ ᠨᠠᠮᠠᠭ᠎ᠠ ᠵᠢᠨ ᠪᠤᠯᠪᠠᠰᠤᠷᠠᠯᠲᠠ᠎ᠨᠢ ᠴᠦ᠍ ᠰᠠᠢ᠌ᠨ᠃ ᠭᠡᠳᠡᠯ᠎ᠡ ᠨᠠᠬᠢᠶᠠᠨ ᠨᠢᠳᠤᠨ᠎ᠤ ᠬᠢᠨᠢ ᠬᠦᠢ᠍ᠲᠡᠨ᠎ᠢ ᠳᠠᠭ᠋ᠠᠭ᠋ᠠᠬᠤ ᠴᠢᠳᠠᠯ᠎ᠨᠢ ᠪᠠᠷᠤᠭᠳᠠᠢ᠂ ᠠᠮᠠᠷᠬᠠᠨ ᠬᠦᠯᠳᠡᠳᠡᠭ᠃

ᠢᠷᠡᠯᠲᠡ᠄ 《ᠵᠢᠮᠢᠰ᠎ᠤᠨ ᠮᠤᠳᠤ ᠢᠳᠡᠰᠢᠨ ᠨᠤᠭᠤᠭ᠎ᠠ ᠲᠠᠷᠢᠵᠦ ᠡᠵᠡᠩᠨᠡᠬᠦ ᠮᠡᠷᠭᠡᠵᠢᠯ》
          
ᠬᠠᠮᠢᠶ᠎ᠡ ᠪᠦᠬᠦᠢ ᠰᠣᠨᠢᠨ
 
             蒙ICP备05000248号