ᡂᠢ ᠺᠦᠢ 2 ᠨᠣᠮᠧᠷᠲᠤ ᠨᠡᠷᠡᠨ ᠬᠤᠸᠠᠷ᠎ᠤᠨ ᠡᠭᠦᠯᠳᠡᠷ᠎ᠢ ᠥᠪᠥᠷ ᠮᠣᠩᠭᠤᠯ᠎ᠤᠨ ᠤᠯᠠᠭ᠋ᠠᠨᠬᠠᠳᠠ ᠬᠤᠲᠠ ᠵᠢᠨ ᠲᠠᠷᠢᠶᠠᠯᠠᠩ᠎ᠤᠨ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠭᠠᠵᠠᠷ᠎ᠤᠨ᠎ᠬᠢᠨ᠎ᠤ ᠪᠦᠯᠦᠭᠯᠡᠯ᠎ᠤᠨ ᠰᠣᠩᠭᠤᠯᠲᠠ ᠵᠢᠨ ᠠᠷᠭ᠎ᠠ ᠵᠢ ᠠᠰᠢᠭᠯᠠᠨ ᠲᠠᠷᠢᠶᠠᠴᠢᠨ ᠠᠶ᠋ᠢᠯ᠎ᠤᠨ ᠡᠭᠦᠯᠳᠡᠷ᠎ᠤᠨ ᠽᠦᠨ ᠺᠧ ᠲᠠᠷᠢᠶᠠᠨ᠎ᠳᠤ ᠰᠣᠩᠭᠤᠨ ᠪᠣᠶ᠋ᠢᠵᠢᠭᠤᠯᠤᠭᠰᠠᠨ ᠡᠩ᠎ᠤᠨ ᠢᠳᠡᠭᠡᠨ᠎ᠤ ᠬᠡᠯᠪᠡᠷᠢ ᠵᠢᠨ ᠨᠡᠷᠡᠨ ᠬᠤᠸᠠᠷ ᠪᠣᠯᠣᠨ᠎ᠠ᠂ 2003 ᠣᠨ᠎ᠳᠤ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠡᠭᠦᠯᠳᠡᠷ᠎ᠢ ᠬᠢᠨᠠᠨ ᠲᠣᠭᠲᠠᠭ᠋ᠠᠬᠤ ᠵᠥᠪᠯᠡᠯ᠎ᠤᠨ ᠬᠢᠨᠠᠨ ᠲᠣᠭᠲᠠᠭ᠋ᠠᠯᠲᠠ᠎ᠳᠤ ᠬᠢᠷᠢ ᠲᠡᠩᠴᠡᠪᠡ᠃ ᡂᠢ ᠺᠦᠢ 2 ᠨᠣᠮᠧᠷᠲᠤ ᠨᠡᠷᠡᠨ ᠬᠤᠸᠠᠷ᠎ᠤᠨ ᠡᠭᠦᠯᠳᠡᠷ᠎ᠤᠨ ᠦᠷᠡᠵᠢᠯ᠎ᠤᠨ ᠬᠤᠭᠤᠴᠠᠭ᠎ᠠ᠎ᠨᠢ 125 ᠡᠳᠦᠷ ᠣᠷᠴᠢᠮ ᠪᠣᠯᠤᠨ᠎ᠠ᠃ ᠨᠢᠯᠬ᠎ᠠ ᠴᠢᠬᠢ᠎ᠨᠢ ᠨᠣᠭᠤᠭ᠋ᠠᠨ᠂ ᠲᠠᠷᠢᠶᠠᠨ᠎ᠤ ᠤᠷᠭᠤᠴᠠ ᠴᠢᠩᠭ᠎ᠠ᠂ ᠤᠷᠭᠤᠮᠠᠯ᠎ᠤᠨ ᠥᠨᠳᠥᠷ᠎ᠨᠢ 280 ᠰᠠᠨᠲ᠋ᠢᠮᠧᠳ᠋ᠷ᠂ ᠰᠠᠯᠠᠭ᠎ᠠ ᠦᠭᠡᠢ᠂ ᠡᠰᠢ᠎ᠨᠢ 5 ᠰᠠᠨᠲ᠋ᠢᠮᠧᠳ᠋ᠷ᠂ ᠴᠡᠴᠡᠭ᠎ᠤᠨ ᠲᠠᠪᠠᠭ᠎ᠤᠨ ᠳ᠋ᠢᠶᠠᠮᠧᠳ᠋ᠷ᠎ᠨᠢ 25-30 ᠰᠠᠨᠲ᠋ᠢᠮᠧᠳ᠋ᠷ᠂ ᠲᠡᠭᠰᠢ ᠲᠠᠪᠠᠭ᠎ᠲᠠᠢ; ᠮᠦᠬᠦᠯᠢᠭ᠎ᠨᠢ ᠬᠠᠷ᠎ᠠ ᠴᠠᠭ᠋ᠠᠨ ᠡᠷᠢᠶᠡᠨ ᠰᠢᠷ᠎ᠠ ᠴᠠᠭ᠋ᠠᠨ ᠬᠥᠪᠡᠭᠡ᠎ᠲᠠᠢ᠂ ᠢᠭ ᠬᠡᠯᠪᠡᠷᠢᠲᠡᠢ᠂ ᠮᠥᠬᠦᠯᠢᠭ᠎ᠤᠨ ᠤᠷᠳᠤᠨᠢ 2.5 ᠰᠠᠨᠲ᠋ᠢᠮᠧᠳ᠋ᠷ᠎ᠠᠴᠠ ᠳᠡᠭᠡᠭᠰᠢ ᠪᠠᠶ᠋ᠢᠬᠤ᠎ᠨᠢ 80% ᠵᠢ ᠡᠵᠡᠯᠡᠵᠦ᠂ ᠠᠶᠠᠨᠳᠠᠭ᠋ᠠᠨ ᠪᠦᠲᠦᠭᠰᠡᠨ ᠨᠤᠷᠮ᠎ᠠ᠎ᠨᠢ 70%᠂ ᠵᠠᠭᠤᠨ ᠮᠥᠬᠦᠯᠢᠭ ᠪᠦᠷᠢ ᠵᠢᠨ ᠬᠦᠨᠳᠦ᠎ᠨᠢ 23 ᠭ᠋ᠷᠡᠮ ᠣᠷᠴᠢᠮ᠂ ᠦᠷ᠎ᠡ ᠵᠢᠨ ᠴᠦᠮ᠎ᠡ ᠵᠢᠨ ᠨᠤᠷᠮ᠎ᠠ᠎ᠨᠢ 51% ᠵᠢ ᠡᠵᠡᠯᠡᠨ᠎ᠡ᠃ ᠦᠷ᠎ᠡ ᠵᠢᠨ ᠴᠥᠮ᠎ᠡ ᠵᠢᠨ ᠪᠦᠳᠦᠭᠦᠯᠢᠭ ᠥᠭᠡᠬᠦ ᠵᠢᠨ ᠠᠭᠤᠯᠤᠭᠳᠠᠴᠠ 55.09%᠂ ᠪᠦᠳᠦᠭᠦᠯᠢᠭ ᠤᠭᠤᠷᠠᠭ᠎ᠤᠨ ᠠᠭᠤᠯᠤᠭᠳᠠᠴᠠ 26.42% ᠪᠠᠶ᠋ᠢᠵᠤ᠂ ᠬᠠᠭᠤᠷᠤᠭ᠋ᠠᠳ ᠢᠳᠡᠬᠦ᠎ᠳᠤ ᠠᠮᠳᠠ᠎ᠲᠠᠢ᠂ ᠬᠡᠦᠷᠡᠭ᠂ ᠮᠥᠬᠦᠯᠢᠭ ᠲᠣᠮᠣ᠂ ᠢᠳᠡᠬᠦ᠎ᠳᠤ ᠬᠢᠯᠪᠠᠷ ᠵᠡᠷᠭᠡ ᠣᠨᠴᠠᠭ᠋ᠠᠶ ᠴᠢᠨᠠᠷᠲᠠᠢ ᠪᠦᠭᠡᠳ ᠪᠠᠺᠲ᠋ᠧᠷᠢ ᠵᠢᠨ ᠴᠥᠮ᠎ᠡ ᠵᠢᠨ ᠡᠪᠡᠳᠴᠢᠨ᠎ᠳᠤ ᠲᠡᠰᠪᠦᠷᠢᠲᠡᠢ᠂ ᠵᠢᠪᠡᠷᠡᠬᠦ ᠡᠪᠡᠳᠴᠢᠨ᠎ᠢ ᠡᠰᠡᠷᠭᠦᠴᠡᠬᠦ ᠵᠡᠷᠭᠡ ᠣᠨᠴᠠᠭ᠋ᠠᠶ ᠴᠢᠨᠠᠷᠲᠠᠢ ᠪᠠᠶ᠋ᠢᠳᠠᠭ᠃ ᡂᠢ ᠺᠦᠢ 2 ᠨᠣᠮᠧᠷᠲᠤ ᠨᠡᠷᠡᠨ ᠬᠤᠸᠠᠷ᠎ᠤᠨ ᠡᠭᠦᠯᠳᠡᠷ᠎ᠤᠨ ᠮᠦ᠍ ᠪᠦᠷᠢ ᠵᠢᠨ ᠳᠤᠮᠳᠠᠴᠢ ᠤᠨᠠᠯᠲᠠ᠎ᠨᠢ 200 ᠺᠢᠯᠣᠭ᠌ᠷᠠᠮ ᠣᠷᠴᠢᠮ ᠪᠠᠶ᠋ᠢᠳᠠᠭ᠃ ᡂᠢ ᠺᠦᠢ 2 ᠨᠣᠮᠧᠷᠲᠤ ᠨᠡᠷᠡᠨ ᠬᠤᠸᠠᠷ᠎ᠤᠨ ᠡᠭᠦᠯᠳᠡᠷ᠎ᠢ > 10℃ᠤᠨ ᠬᠥᠳᠡᠯᠭᠡᠭᠡᠨ᠎ᠤ ᠬᠤᠷᠠᠮᠳᠤᠭᠰᠠᠨ ᠳᠤᠯᠠᠭ᠋ᠠᠨ᠎ᠤ ᠬᠡᠮᠵᠢᠶ᠎ᠡ 2700℃ᠠᠴᠠ ᠳᠡᠭᠡᠭᠰᠢᠬᠢ ᠭᠠᠵᠠᠷ ᠣᠷᠣᠨ᠎ᠳᠤ ᠲᠠᠷᠢᠬᠤ᠎ᠳᠤ ᠲᠣᠬᠢᠷᠠᠮᠵᠢᠲᠠᠢ᠃ ᠮᠦ᠍ ᠪᠦᠷᠢ ᠵᠢᠨ ᠲᠠᠷᠢᠶᠠᠨ ᠴᠢᠬᠢ ᠵᠢᠨ ᠬᠠᠮᠠᠭ᠋ᠠᠯᠠᠯᠲᠠ᠎ᠨᠢ 1000 ᠰᠠᠭᠤᠷᠢ ᠣᠷᠴᠢᠮ ᠪᠠᠶ᠋ᠢᠳᠠᠭ᠃