ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠣᠭᠤᠭᠠᠷᠠᠭᠤᠯᠤᠯᠲᠠ   -   ᠣᠶ᠋ᠢᠵᠢᠭᠤᠯᠤᠯᠲᠠ
ᠴᠠᠭ᠋ᠠᠨ ᠬᠤᠰᠤᠨ ᠤᠢ ᠵᠢᠨ ᠦᠵᠡᠮᠵᠢᠲᠦ ᠤᠷᠤᠨ
ᠨᠡᠶ᠋ᠢᠲᠡᠯᠡᠭᠰᠡᠨ ᠴᠠᠭ᠄ 2024-01-15

  

     ᠴᠠᠭ᠋ᠠᠨ ᠬᠤᠰᠤᠨ ᠤᠢ ᠵᠢᠨ ᠦᠵᠡᠮᠵᠢᠲᠦ ᠤᠷᠤᠨ᠎ᠨᠢ ᠪᠠᠷᠤᠭ 1000 ᠾᠧᠺᠲ᠋ᠠᠷ ᠤᠷᠴᠢᠮ ᠭᠠᠵᠠᠷ᠎ᠢ ᠡᠵᠡᠯᠡᠵᠦ᠂ ᠬᠤᠲᠠ ᠵᠢᠨ ᠲᠦᠪ᠎ᠠᠴᠠ ᠬᠠᠮᠤᠭ᠎ᠤᠨ  ᠤᠢ᠌ᠷ᠎ᠠ ᠪᠠᠢ᠌ᠭ᠎ᠠ ᠪᠠᠢ᠌ᠭ᠋ᠠᠯᠢᠭ ᠤᠢ ᠪᠤᠯᠤᠨ᠎ᠠ᠃ ᠴᠠᠭ᠋ᠠᠨ ᠬᠤᠰᠤ᠎ᠨᠢ ᠨᠠᠬᠢᠯᠵᠠᠬᠤ ᠤᠯᠠᠨ ᠳᠦᠷᠢ ᠲᠦᠯᠦᠪ᠎ᠲᠠᠢ᠂ ᠰᠠᠯᠠᠭ᠎ᠠ ᠨᠠᠮᠠᠭ᠎ᠠ᠎ᠨᠢ ᠰᠢᠯᠤᠭᠤᠨ ᠪᠠᠢ᠌ᠳᠠᠭ᠃     ᠴᠠᠭ᠋ᠠᠨ ᠬᠤᠰᠤ ᠪᠤᠯ ᠡᠷᠭᠦᠨ᠎ᠡ ᠬᠤᠲᠠ ᠵᠢᠨ ᠪᠡᠯᠭᠡᠲᠦ ᠮᠤᠳᠤ ᠮᠦᠨ᠃ ᠡᠷᠭᠦᠨ᠎ᠡ ᠵᠢᠨ ᠴᠠᠭ᠋ᠠᠨ ᠬᠤᠰᠤ᠎ᠨᠢ ᠪᠤᠰᠤᠳ ᠭᠠᠵᠠᠷ ᠤᠷᠤᠨ᠎ᠤ ᠴᠠᠭ᠋ᠠᠨ ᠬᠤᠰᠤ᠎ᠲᠠᠢ  ᠠᠳᠠᠯᠢ ᠦᠭᠡᠢ ᠪᠠᠢ᠌ᠳᠠᠭ᠂ ᠶᠠᠭ ᠡᠸᠦ᠋ᠷᠦᠫᠡ ᠲᠢᠪ᠎ᠠᠴᠠ ᠢᠷᠡᠯᠲᠡ᠎ᠲᠠᠢ ᠰᠢᠭ ᠪᠠᠢ᠌ᠳᠠᠭ᠃ ᠴᠠᠭ᠋ᠠᠨ ᠬᠤᠰᠤᠨ᠎ᠤ ᠰᠠᠯᠠᠭ᠋ᠠᠨ ᠳᠡᠭᠡᠷ᠎ᠡ᠎ᠨᠢ ᠬᠠᠷ᠎ᠠ ᠳᠤᠯᠪᠤ᠎ᠲᠠᠢ᠂ ᠶᠠᠭ  ᠪᠤᠷᠤᠭ᠋ᠠᠨ᠎ᠤ ᠬᠠᠷ᠎ᠠ ᠳᠤᠰᠤᠯ ᠰᠢᠭ᠃ ᠴᠠᠭ᠋ᠠᠨ ᠬᠤᠰᠤᠨ᠎ᠤ ᠬᠡᠷᠡᠭᠴᠡᠭᠡ ᠦᠷᠭᠡᠨ ᠳᠡᠯᠭᠡᠷ ᠶᠤᠮ᠃ ᠴᠠᠭ᠋ᠠᠨ ᠬᠤᠰᠤᠨ᠎ᠤ ᠬᠠᠯᠢᠰᠤ᠎ᠪᠠᠷ᠎ᠨᠢ ᠭᠡᠷ ᠪᠠᠷᠢᠯᠭ᠎ᠠ ᠵᠢᠨ  ᠰᠠᠷᠠᠪᠴᠢᠨ᠎ᠤ ᠪᠤᠷᠤᠭ᠋ᠠᠨ᠎ᠢ ᠬᠠᠯᠬᠠᠯᠠᠬᠤ ᠮᠠᠲᠸᠷᠢᠶᠠᠯ᠂ ᠳᠤᠯᠠᠭ᠋ᠠᠯᠠᠬᠤ ᠮᠠᠲᠸᠷᠢᠶᠠᠯ᠂ ᠴᠢᠮᠡᠭᠯᠡᠯ᠎ᠤᠨ ᠡᠳ᠋᠎ᠤᠨ ᠲᠦᠭᠦᠬᠡᠢ ᠮᠠᠲᠸᠷᠢᠶᠠᠯ ᠪᠤᠯᠭ᠋ᠠᠵᠤ ᠪᠤᠯᠤᠨ᠎ᠠ᠃ ᠴᠠᠭ᠋ᠠᠨ  ᠬᠤᠰᠤᠨ᠎ᠤ ᠰᠠᠯᠠᠭ᠎ᠠ ᠨᠠᠮᠠᠭ᠎ᠠ᠎ᠪᠠᠷ ᠪᠠᠷᠢᠯᠭ᠎ᠠ ᠵᠢᠨ ᠮᠠᠲᠸᠷᠢᠶᠠᠯ ᠪᠤᠯᠭ᠋ᠠᠵᠤ ᠪᠤᠯᠤᠨ᠎ᠠ᠃ ᠴᠠᠭ᠋ᠠᠨ ᠬᠤᠰᠤᠨ᠎ᠤ ᠰᠢᠭᠦᠰᠦ᠎ᠪᠠᠷ ᠤᠮᠳᠠᠭ᠋ᠠᠨ ᠬᠢᠵᠦ ᠪᠤᠯᠤᠨ᠎ᠠ᠃    

      ᠤᠯᠠᠮᠵᠢᠯᠠᠯ ᠵᠶ᠋ᠠᠷ᠂ ᠴᠢᠩᠭᠢᠰ ᠬᠠᠭ᠋ᠠᠨ᠎ᠤ ᠴᠡᠷᠢᠭ ᠠᠩᠭᠢ ᠨᠡᠨ ᠬᠡᠰᠡᠭ ᠴᠠᠭ᠋ᠠᠨ ᠬᠤᠰᠤᠨ ᠤᠢ᠎ᠳᠤ ᠲᠦᠷ ᠠᠮᠠᠷᠠᠵᠤ ᠦᠩᠭᠡᠷᠡᠭᠰᠡᠨ ᠭᠡᠳᠡᠭ᠃ ᠶᠠᠭ ᠨᠡᠨ  ᠦᠶ᠎ᠡ᠎ᠳᠤ ᠮᠤᠳᠤ ᠤᠭᠲᠤᠯᠬᠤ᠎ᠪᠠᠷ ᠢᠷᠡᠭᠰᠡᠨ ᠤᠷᠤᠰᠴᠤᠳ ᠡᠨᠳᠡᠬᠢ ᠦᠵᠡᠮᠵᠢ᠎ᠳᠤ ᠰᠤᠭᠲᠤᠷᠠᠨ᠂ ᠲᠡᠳᠡᠨᠡᠷ᠎ᠲᠠᠢ ᠡᠰᠡᠷᠭᠦᠴᠡᠯᠳᠦᠭᠰᠡᠨ ᠦᠭᠡᠢ᠎ᠪᠠᠷ ᠪᠠᠭᠤᠨ  ᠦᠭᠴᠡᠢ᠃ ᠡᠢ᠌ᠮᠦ᠎ᠠᠴᠠ ᠤᠶᠠᠩᠭ᠋ᠠᠯᠢᠭ ᠰᠠᠢ᠌ᠬᠠᠨ《  ᠴᠠᠭ᠋ᠠᠨ ᠬᠤᠰᠤᠨ ᠤᠢ》 ᠭᠡᠬᠦ ᠳᠠᠭᠤᠤ ᠪᠤᠢ ᠪᠤᠯᠪᠠ᠃




2020-12-01-599dc7bb4f-bd7d-45ce-92af-d3ad1ca4a66f.jpg


 

ᠢᠷᠡᠯᠲᠡ᠄ ᠡᠷᠭᠦᠨ᠎ᠡ ᠬᠤᠲᠠ ᠵᠢᠨ ᠠᠷᠠᠳ᠎ᠤᠨ ᠵᠠᠰᠠᠭ᠎ᠤᠨ ᠤᠷᠳᠤᠨ᠎ᠤ ᠮᠤᠩᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠡᠷᠭᠦᠨ᠎ᠡ ᠵᠢᠨ ᠨᠤᠭᠤ ᠭᠠᠵᠠᠷ᠎ᠤᠨ ᠦᠵᠡᠮᠵᠢ ᠵᠢᠨ ᠤᠷᠤᠨ
ᠨᠤᠮᠢᠨ ᠪᠠᠢ᠌ᠭ᠋ᠠᠯᠢ ᠵᠢᠨ ᠬᠠᠮᠠᠭ᠋ᠠᠯᠠᠯᠲᠠ ᠵᠢᠨ ᠤᠷᠤᠨ
ᠥᠪᠡᠷᠲᠡᠭᠡᠨ ᠵᠠᠰᠠᠬᠤ ᠣᠷᠣᠨ᠎ᠤ ᠣᠶ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ ᠲᠥᠪ᠎ᠤᠨ ᠠᠵᠤ ᠠᠬᠤᠶ᠋ᠢᠯᠠᠯ᠎ᠤᠨ ᠬᠤᠯᠠᠨ ᠰᠢᠷᠭ᠎ᠠ ᠲᠠᠭ᠎ᠠ— ᠬᠣᠷᠴᠢᠨ᠎ᠤ ᠡᠯᠡᠰᠦᠷᠬᠡᠭ ᠭᠠᠵᠠᠷ᠎ᠤᠨ ᠡᠮᠦᠨ᠎ᠡ ᠵᠠᠬ᠎ᠠ ᠵᠢᠨ ᠶᠡᠷᠦᠩᠬᠡᠢ᠌ᠯᠡᠭᠰᠡᠨ ᠵᠠᠰᠠᠯᠲᠠ᠎ᠳᠤ ᠣᠷᠣᠯᠴᠠᠵᠤ ᠪᠠᠶ᠋ᠢᠴᠠᠭ᠋ᠠᠨ ᠰᠤᠳᠤᠯᠵᠤ ᠰᠣᠯᠢᠯᠴᠠᠬᠤ ᠶᠠᠷᠢᠯᠴᠠᠬᠤ ᠬᠤᠷᠠᠯ᠎ᠢ ᠵᠣᠬᠢᠶᠠᠨ ᠪᠠᠶ᠋ᠢᠭᠤᠯᠤᠨ ᠬᠤᠷᠠᠯᠳᠤᠭᠤᠯᠪᠠ
《ᠤᠮᠠᠷᠠᠲᠤ ᠵᠢᠨ ᠭᠤᠷᠪᠠᠨ ᠤᠷᠤᠨ》᠎ᠤ ᠢᠨᠵᠧᠨᠧᠷᠢᠩ᠎ᠤᠨ ᠭᠤᠷᠪᠠᠨ ᠶᠡᠬᠡ ᠪᠡᠯᠭᠡ ᠲᠡᠮᠳᠡᠭ᠎ᠤᠨ ᠴᠢᠨᠠᠷᠲᠠᠶ ᠳᠠᠶ᠋ᠢᠯᠠᠯᠳᠤᠭ᠋ᠠᠨ᠎ᠤ ᠤᠢ᠌ᠵᠢᠭᠤᠯᠤᠨ ᠨᠣᠭᠣᠭ᠋ᠠᠷᠠᠭᠤᠯᠤᠭᠰᠠᠨ ᠲᠠᠯᠠᠪᠠᠶ 1000 ᠲᠦᠮᠡᠨ ᠮᠥ᠍ ᠵᠢ ᠳᠠᠪᠠᠪᠠ
《ᠢᠨᠲ᠋ᠧᠷ ᠰᠦᠯᠵᠢᠶ᠎ᠡ + ᠪᠥᠬᠥ ᠠᠷᠠᠳ᠎ᠤᠨ ᠠᠯᠪᠠᠨ ᠵᠢᠷᠤᠮ᠎ᠤᠨ ᠮᠣᠳᠣ ᠳᠠᠷᠢᠬᠤ》 ᠠᠵᠢᠯᠯᠠᠭ᠎ᠠ᠎ᠳᠤ ᠣᠷᠣᠯᠴᠠᠬᠤ ᠵᠢ ᠬᠦᠰᠡᠵᠦ ᠪᠠᠶ᠋ᠢᠨ᠎ᠠ
 
             蒙ICP备05000248号