ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠣᠭᠤᠭᠠᠷᠠᠭᠤᠯᠤᠯᠲᠠ   -   ᠣᠶ᠋ᠢᠵᠢᠭᠤᠯᠤᠯᠲᠠ
ᠭᠠᠵᠠᠷ ᠣᠷᠣᠨ᠎ᠤ ᠪᠠᠶ᠋ᠢᠳᠠᠯ᠎ᠳᠠᠭᠠᠨ ᠲᠣᠬᠢᠷᠠᠭᠤᠯᠤᠨ ᠡᠯᠡᠰᠦ ᠵᠢ ᠠᠷᠭ᠎ᠠ ᠳᠡᠮᠲᠡᠢ ᠵᠠᠰᠠᠰᠤᠭ᠋ᠠᠢ
ᠨᠡᠶ᠋ᠢᠲᠡᠯᠡᠭᠰᠡᠨ ᠴᠠᠭ᠄ 2024-04-07

  

    — ᠡᠯᠡᠰᠦᠷᠬᠡᠭᠵᠢᠯ᠎ᠢ ᠰᠡᠷᠭᠡᠶ᠋ᠢᠯᠡᠨ ᠡᠯᠡᠰᠦ ᠵᠢ ᠵᠠᠰᠠᠬᠤ ᠶᠡᠭᠡ ᠳᠠᠶ᠋ᠢᠯᠠᠯᠳᠤᠭ᠋ᠠᠨ᠎ᠤ ᠢᠯᠠᠯᠲᠠ ᠵᠢ ᠰᠠᠶ᠋ᠢᠲᠤᠷ ᠲᠡᠮᠡᠴᠡᠨ ᠣᠯᠬᠤ ᠲᠤᠬᠠᠢ ᠳᠥᠷᠪᠠᠨᠲᠡ ᠥᠭᠦᠯᠡᠬᠦ ᠎ᠨᠢ

    ᠡᠯᠡᠰᠦᠷᠬᠡᠭᠵᠢᠯ᠎ᠢ ᠰᠡᠷᠭᠡᠶ᠋ᠢᠯᠡᠨ ᠡᠯᠡᠰᠦ ᠵᠢ ᠵᠠᠰᠠᠬᠤ᠎ᠳᠤ ᠬᠠᠲᠠᠭᠤᠵᠢᠯᠲᠠᠢ ᠠᠵᠢᠯᠯᠠᠵᠤ ᠪᠣᠳᠠᠲᠠᠢ ᠠᠵᠢᠯᠯᠠᠬᠤ ᠬᠡᠷᠡᠭᠲᠡᠢ᠂ ᠪᠠᠰᠠ ᠰᠢᠨᠵᠢᠯᠡᠬᠦ ᠤᠬᠠᠭ᠋ᠠᠨ᠎ᠢ ᠡᠷᠬᠢᠮᠯᠡᠵᠦ᠂ ᠦᠨᠡᠨ᠎ᠠᠴᠠ ᠵᠥᠪ᠎ᠢ ᠡᠷᠢᠬᠦ ᠵᠢ ᠡᠷᠭᠢᠮᠯᠡᠭᠦ ᠬᠡᠷᠡᠭᠲᠡᠢ᠃ ᠡᠳᠡᠭᠡᠷ ᠵᠢᠯ᠎ᠤᠳ᠎ᠲᠤ ᠡᠯᠡᠰᠦᠷᠬᠡᠭᠵᠢᠯ᠎ᠢ ᠰᠡᠷᠭᠡᠶ᠋ᠢᠯᠡᠨ ᠡᠯᠡᠰᠦ ᠵᠢ ᠵᠠᠰᠠᠭᠰᠠᠨ ᠲᠠᠯ᠎ᠠ᠎ᠪᠠᠷ ᠬᠠᠮᠤᠭ᠎ᠤᠨ ᠠᠮᠵᠢᠯᠲᠠ ᠣᠯᠣᠭᠰᠠᠨ ᠭᠠᠵᠠᠷ᠎ᠨᠢ ᠬᠡᠳᠦᠨ ᠦᠶ᠎ᠡ ᠵᠢᠨ ᠬᠥᠮᠥᠰ᠎ᠤᠨ ᠬᠠᠮᠲᠤ ᠵᠢᠨ ᠴᠢᠷᠮᠠᠶ᠋ᠢᠯᠭ᠎ᠠ᠎ᠳᠤ ᠲᠦᠰᠢᠭᠯᠡᠭᠰᠡᠨ ᠵᠶ᠋ᠠᠷ ᠪᠠᠷᠠᠬᠤ ᠦᠭᠡᠢ ᠪᠠᠰᠠ ᠰᠢᠨᠵᠢᠯᠡᠬᠦ ᠤᠬᠠᠭ᠋ᠠᠨᠴᠢ ᠵᠦᠢ ᠵᠣᠬᠢᠰᠲᠠᠢ ᠠᠷᠭ᠎ᠠ ᠪᠠᠷᠢᠯ᠎ᠳᠤ ᠲᠦᠰᠢᠭᠯᠡᠭᠰᠡᠨ ᠶᠤᠮ᠃ ᠣᠶ᠋ᠢᠷ᠎ᠠ᠎ᠳᠤ ᠮᠠᠰᠢ ᠣᠯᠠᠨ ᠰᠦᠯᠵᠢᠶᠡᠨ ᠠᠨᠳᠠ ᠨᠠᠷ ᠥᠪᠥᠷ ᠮᠣᠩᠭᠤᠯ᠎ᠤᠨ ᠲᠡᠭᠷᠢ ᠡᠯᠡᠰᠦ ᠵᠢ ᠵᠠᠰᠠᠬᠤ ᠦᠵᠡᠭᠳᠡᠯ᠎ᠢ ᠬᠠᠷᠠᠭ᠋ᠠᠳ ᠶᠡᠬᠡᠳᠡ ᠰᠣᠴᠢᠵᠠᠭ᠋ᠠᠪᠠ᠃ ᠲᠡᠩᠭᠡᠯᠢᠭ ᠰᠢᠯᠵᠢᠭᠦᠯᠬᠦ ᠳᠤᠷᠠᠨ᠎ᠤ ᠳᠣᠣᠷ᠎ᠠ᠂ ᠲᠡᠭᠷᠢ ᠡᠯᠡᠰᠦᠨ᠎ᠤ ᠭᠦᠨ᠎ᠳᠠᠬᠢ ᠡᠯᠡᠰᠦ ᠵᠢ ᠵᠠᠰᠠᠬᠤ ᠲᠤᠬᠠᠢ ᠵᠢᠨ ᠲᠠᠯᠠᠪᠠᠢ᠎ᠨᠢ ᠶᠠᠭ ᠯᠠ ᠠᠪᠴᠢᠭᠰᠠᠨ ᠣᠳᠣᠢ ᠬᠥᠮᠥᠨ᠎ᠤ ᠤᠯᠤᠰ ᠰᠢᠭ᠋ ᠪᠣᠯᠵᠤ᠂ ᠠᠵᠢᠯᠴᠢᠳ ᠰᠦᠯᠵᠢᠯᠳᠦᠨ ᠡᠯᠡᠰᠦ ᠵᠢ ᠵᠠᠰᠠᠬᠤ 《ᠰᠢᠳᠢᠲᠦ ᠳᠥᠷᠪᠡᠯᠵᠢᠨ ᠬᠡᠰᠡᠭᠲᠦ ᠡᠪᠡᠰᠦ》 ᠵᠢ ᠶᠠᠭ᠋ᠠᠷᠠᠯᠲᠠᠢ ᠳᠡᠪᠢᠰᠦᠨ᠎ᠡ᠃ ᠡᠨᠡ ᠪᠣᠯ ᠪᠣᠳᠠᠲᠤ ᠠᠵᠢᠯᠯᠠᠭ᠎ᠠ᠎ᠪᠠᠷ ᠵᠶ᠋ᠠᠨ ᠨᠡᠭᠦᠳᠡᠯ ᠡᠯᠡᠰᠦ ᠵᠢ ᠬᠦᠯᠢᠶᠡᠰᠦᠯᠡᠬᠦ ᠡᠪᠡᠰᠦᠨ ᠬᠡᠷᠡᠮ᠎ᠢ ᠪᠣᠰᠬᠠᠵᠤ ᠪᠠᠶ᠋ᠢᠭ᠎ᠠ ᠶᠠᠪᠤᠳᠠᠯ ᠪᠣᠯᠣᠨ᠎ᠠ᠂ ᠨᠡᠩ ᠴᠤ᠌ ᠤᠶᠤᠨ ᠤᠬᠠᠭ᠋ᠠᠨ ᠵᠶ᠋ᠠᠷ ᠵᠶ᠋ᠠᠨ ᠡᠯᠡᠰᠦ ᠮᠠᠩᠬ᠎ᠠ ᠵᠢ ᠨᠣᠭᠤᠭ᠋ᠠᠨ ᠪᠦᠷᠢᠳᠦ ᠪᠤᠯᠭ᠋ᠠᠬᠤ ᠬᠠᠶ᠋ᠢᠨ ᠰᠦᠪᠡᠭᠴᠢᠯᠡᠯᠲᠡ ᠪᠣᠯᠣᠨ᠎ᠠ᠃

     ᠵᠠᠮ ᠵᠶ᠋ᠠᠷ ᠵᠶ᠋ᠠᠨ ᠤᠷᠤᠭᠰᠢᠯᠠᠳᠠᠭ ᠯᠡ ᠶᠤᠮ ᠪᠣᠯ ᠯᠠᠪ ᠬᠤᠯᠠ ᠶᠠᠪᠤᠵᠤ ᠴᠢᠳᠠᠨ᠎ᠠ᠃ ᠥᠪᠥᠷ ᠮᠣᠩᠭᠤᠯ ᠤᠮᠠᠷᠠᠲᠤ ᠵᠢᠨ ᠭᠤᠷᠪᠠᠨ ᠣᠷᠣᠨ᠎ᠢ ᠬᠥᠨᠳᠡᠯᠡᠨ ᠰᠦᠨᠳᠠᠯᠡᠵᠦ᠂ ᠵᠡᠭᠦᠨ ᠳᠤᠮᠳᠠ ᠪᠠᠷᠠᠭᠤᠨ ᠣᠷᠣᠨ᠎ᠤ ᠬᠤᠭᠤᠷᠤᠨᠳᠤᠭᠢ ᠪᠠᠶ᠋ᠢᠭ᠋ᠠᠯᠢ ᠵᠢᠨ ᠣᠷᠴᠢᠨ ᠲᠣᠭᠤᠷᠢᠨ᠂ ᠭᠠᠵᠠᠷ ᠵᠦᠢ ᠵᠢᠨ ᠪᠠᠶ᠋ᠢᠷᠢᠯᠠᠯ ᠪᠠ ᠨᠥᠬᠦᠴᠡᠯ᠎ᠤᠨ ᠵᠥᠷᠢᠶ᠎ᠡ ᠨᠡᠯᠢᠶᠡᠳ ᠶᠡᠭᠡ ᠪᠠᠶ᠋ᠢᠵᠤ᠂ ᠠᠭᠤᠷ ᠠᠮᠢᠰᠬᠤᠯ᠂ ᠬᠥᠷᠥᠰᠥ ᠰᠢᠷᠣᠢ᠂ ᠭᠠᠵᠠᠷ ᠳᠣᠣᠷᠠᠬᠢ ᠤᠰᠤ᠂ ᠤᠷᠭᠤᠮᠠᠯ᠎ᠤᠨ ᠬᠤᠴᠢᠯᠭ᠎ᠠ ᠵᠡᠷᠭᠡ᠎ᠨᠢ ᠴᠦ᠍ ᠲᠣᠰ ᠲᠣᠰ᠎ᠲᠠᠭᠠᠨ ᠠᠳᠠᠯᠢ ᠦᠭᠡᠢ ᠪᠠᠶ᠋ᠢᠳᠠᠭ᠂ ᠡᠨᠡ᠎ᠨᠢ ᠡᠯᠡᠰᠦᠷᠬᠡᠭᠵᠢᠯ᠎ᠢ ᠰᠡᠷᠭᠡᠶ᠋ᠢᠯᠡᠨ ᠡᠯᠡᠰᠦ ᠵᠢ ᠵᠠᠰᠠᠬᠤ᠎ᠳᠤ ᠨᠢᠭᠡ ᠯᠡ ᠠᠳᠠᠯᠢ ᠪᠠᠶ᠋ᠢᠵᠤ ᠪᠤᠯᠬᠤ ᠦᠭᠡᠢ᠂ ᠨᠠᠩ ᠴᠤ᠌ 《ᠨᠢᠭᠡ ᠯᠡ ᠵᠦᠢ᠍ᠯ᠎ᠤᠨ ᠰᠢᠨ᠎ᠡ ᠠᠷᠭ᠎ᠠ ᠵᠢ ᠲᠡᠷᠡ ᠪᠦᠭᠦᠨ᠎ᠳᠤ ᠬᠡᠷᠡᠭᠯᠡᠵᠦ》 ᠪᠤᠯᠬᠤ ᠦᠭᠡᠢ ᠭᠡᠳᠡᠭ᠎ᠢ ᠲᠣᠭᠲᠠᠭ᠋ᠠᠭᠰᠠᠨ ᠶᠤᠮ᠃ ᠡᠯᠡᠰᠦᠷᠬᠡᠭᠵᠢᠯ᠎ᠢ ᠰᠡᠷᠭᠡᠶ᠋ᠢᠯᠡᠨ ᠡᠯᠡᠰᠦ ᠵᠢ ᠵᠠᠰᠠᠬᠤ ᠶᠡᠭᠡ ᠳᠠᠶ᠋ᠢᠯᠠᠯᠳᠤᠭ᠋ᠠᠨ᠎ᠤ ᠢᠯᠠᠯᠲᠠ ᠵᠢ ᠰᠠᠶ᠋ᠢᠲᠤᠷ ᠲᠡᠮᠡᠴᠡᠨ ᠣᠯᠬᠤ᠎ᠳᠤ᠂ ᠠᠭᠤᠯᠠ ᠤᠰᠤ ᠤᠢ ᠮᠣᠳᠣ ᠭᠠᠵᠠᠷ ᠲᠠᠷᠢᠶ᠎ᠠ ᠨᠠᠭᠤᠷ ᠪᠦᠷᠢᠳᠦ ᠨᠤᠲᠤᠭ ᠪᠡᠯᠴᠢᠭᠡᠷ ᠡᠯᠡᠰᠦ ᠮᠠᠩᠬ᠎ᠠ ᠵᠢ ᠨᠢᠭᠡ ᠴᠣᠭᠴᠠᠵᠢᠭᠤᠯᠤᠨ ᠬᠠᠮᠠᠭ᠋ᠠᠯᠠᠨ ᠰᠡᠷᠭᠦᠭᠡᠬᠦ ᠱᠠᠭ᠋ᠠᠷᠳᠠᠯᠭ᠎ᠠ ᠶᠣᠰᠣᠭ᠋ᠠᠷ᠂ ᠡᠯ᠎ᠡ ᠭᠠᠵᠠᠷ᠎ᠤᠨ ᠭᠤᠣᠯᠳᠠᠯᠭ᠎ᠠ᠂ ᠬᠦᠴᠢᠷ ᠠᠰᠠᠭᠤᠳᠠᠯ᠂ ᠬᠤᠷᠢᠭ᠎ᠠ ᠴᠡᠭ᠎ᠲᠤ ᠠᠩᠬᠠᠷᠤᠯ ᠵᠶ᠋ᠠᠨ ᠲᠥᠪᠯᠡᠷᠡᠭᠦᠯᠵᠦ᠂ ᠲᠤᠬᠠᠢ ᠵᠢᠨ ᠭᠠᠵᠠᠷ ᠣᠷᠣᠨ᠎ᠤ ᠪᠠᠶ᠋ᠢᠳᠠᠯ᠎ᠳᠠᠭᠠᠨ ᠲᠣᠬᠢᠷᠠᠭᠤᠯᠤᠨ᠂ ᠭᠠᠮᠰᠢᠭ᠎ᠠᠴᠠ ᠪᠣᠯᠵᠤ ᠰᠡᠷᠭᠡᠶ᠋ᠢᠯᠡᠯᠲᠡ ᠬᠢᠵᠦ᠂ ᠳᠦᠷᠦᠯ ᠬᠤᠪᠢᠶᠠᠨ ᠳᠦᠷᠦ ᠵᠢᠨ ᠪᠣᠳᠣᠯᠭ᠎ᠠ ᠬᠡᠷᠡᠭᠵᠢᠭᠦᠯᠵᠦ᠂ ᠤᠨᠢᠨ ᠳᠡᠭᠡᠷ᠎ᠡ᠎ᠨᠢ ᠳᠦᠷᠦ ᠵᠢᠨ ᠪᠣᠳᠣᠯᠭ᠎ᠠ ᠵᠢ ᠬᠡᠷᠡᠭᠵᠢᠭᠦᠯᠵᠦ᠂ 《ᠬᠥᠪᠴᠢ ᠵᠢᠨ ᠵᠠᠭᠪᠤᠷ》᠂ 《ᠳ᠋ᠧᠩᠺᠸᠦ ᠵᠢᠨ ᠵᠠᠭᠪᠤᠷ》᠂ 《ᠭᠤᠷᠪᠠᠨ ᠡᠰᠢᠲᠦ ᠭᠡᠯᠪᠡᠷᠢ᠎ᠪᠠᠷ ᠡᠯᠡᠰᠦ ᠵᠢ ᠵᠠᠰᠠᠬᠤ》 ᠵᠡᠷᠭᠡ ᠵᠠᠭᠪᠤᠷ᠎ᠢ ᠢᠯᠡᠭᠦᠬᠡᠨ ᠰᠦᠪᠡᠭᠴᠢᠯᠡᠵᠦ᠂ ᠡᠯᠡᠰᠦ ᠵᠢ ᠵᠠᠰᠠᠬᠤ 《ᠡᠮ᠎ᠤᠨ ᠵᠣᠷ》᠎ᠢ ᠤᠯᠠᠮ᠎ᠠᠴᠠ ᠤᠯᠠᠮ ᠰᠢᠨᠵᠢᠯᠡᠬᠦ ᠤᠬᠠᠭ᠋ᠠᠨᠴᠢ ᠤᠯᠠᠨ ᠶᠠᠩᠵᠤ ᠵᠢᠨ ᠪᠣᠯᠭ᠋ᠠᠪᠠᠯ ᠡᠯᠡᠰᠦ ᠵᠢ ᠵᠠᠰᠠᠬᠤ ᠦᠷ᠎ᠡ ᠪᠦᠲᠦᠮᠵᠢ ᠰᠠᠶᠢ ᠤᠯᠠᠮ᠎ᠠᠴᠠ ᠤᠯᠠᠮ ᠢᠯᠡ ᠲᠣᠪᠣᠶ᠋ᠢᠮ᠎ᠠ ᠪᠣᠯᠣᠨ᠎ᠠ᠃

    ᠡᠯᠡᠰᠦᠷᠬᠡᠭᠵᠢᠯ᠎ᠢ ᠰᠡᠷᠭᠡᠶ᠋ᠢᠯᠡᠨ ᠡᠯᠡᠰᠦ ᠵᠢ ᠵᠠᠰᠠᠬᠤ᠎ᠨᠢ ᠤᠳᠤ ᠦᠶ᠎ᠡ᠎ᠳᠤ ᠭᠠᠪᠢᠶ᠎ᠠ ᠪᠠᠶ᠋ᠢᠭᠤᠯᠵᠤ᠂ ᠮᠢᠩᠭ᠋ᠠᠨ ᠵᠢᠯ ᠠᠰᠢᠭ ᠭᠦᠷᠲᠡᠭᠦ ᠶᠠᠪᠤᠳᠠᠯ ᠪᠠᠶ᠋ᠢᠵᠤ᠂ ᠰᠢᠷᠭ᠋ᠠᠭᠤ ᠬᠠᠲᠠᠭᠤᠵᠢᠯᠲᠠᠢ᠎ᠪᠠᠷ ᠠᠵᠢᠯᠯᠠᠬᠤ ᠬᠡᠷᠡᠭᠲᠡᠢ ᠪᠥᠭᠡᠳ ᠨᠡᠩ ᠴᠤ᠌ ᠠᠷᠭ᠎ᠠ ᠳᠡᠮᠲᠡᠢ ᠠᠵᠢᠯᠯᠠᠬᠤ ᠬᠡᠷᠡᠭᠲᠡᠢ ᠶᠤᠮ᠃ ᠣᠳᠣᠬᠠᠨ᠎ᠳᠤ ᠪᠦᠭᠦ ᠣᠷᠣᠨ᠎ᠤ ᠡᠯᠡᠰᠦᠷᠬᠡᠭᠵᠢᠯ᠎ᠢ ᠰᠡᠷᠭᠡᠶ᠋ᠢᠯᠡᠨ ᠡᠯᠡᠰᠦ ᠵᠢ ᠵᠠᠰᠠᠬᠤ ᠶᠡᠭᠡ ᠳᠠᠶ᠋ᠢᠯᠠᠯᠳᠤᠭ᠋ᠠᠨ᠎ᠤ ᠳᠠᠭ᠋ᠠᠷᠢᠯᠲᠠ ᠵᠢᠨ ᠪᠦᠷᠢᠶ᠎ᠡ ᠬᠠᠩᠭᠢᠨᠠᠵᠤ᠂ ᠡᠯᠡᠰᠦᠷᠬᠡᠭᠵᠢᠯ᠎ᠢ ᠰᠡᠷᠭᠡᠶ᠋ᠢᠯᠡᠨ ᠡᠯᠡᠰᠦ ᠵᠢ ᠵᠠᠰᠠᠬᠤ ᠪᠠ ᠰᠠᠯᠬᠢᠨ ᠬᠦᠴᠦᠨ᠎ᠤ ᠴᠠᠭᠢᠯᠭ᠋ᠠᠨ ᠭᠡᠷᠡᠯᠴᠢ ᠴᠡᠨᠡᠭ᠎ᠢ ᠨᠢᠭᠡ ᠴᠣᠭᠴᠠᠵᠢᠭᠤᠯᠬᠤ ᠢᠨᠵᠧᠨᠧᠷᠢᠩ᠎ᠢ ᠪᠦᠭᠦ ᠲᠠᠯ᠎ᠠ᠎ᠪᠠᠷ ᠠᠬᠢᠭᠤᠯᠵᠤ᠂ ᠦᠷ᠎ᠡ ᠪᠦᠲᠦᠮᠵᠢ ᠵᠢ ᠳᠡᠭᠡᠭᠰᠢᠯᠡᠭᠦᠯᠭᠦ᠂ ᠦᠷ᠎ᠡ ᠠᠰᠢᠭ᠎ᠢ ᠳᠡᠭᠡᠭᠰᠢᠯᠡᠭᠦᠯᠭᠦ᠂ ᠦᠷ᠎ᠡ ᠠᠰᠢᠭ᠎ᠢ ᠨᠡᠮᠡᠭᠳᠡᠭᠦᠯᠬᠦ ᠵᠢ ᠲᠤᠯᠭ᠋ᠠᠮ ᠱᠠᠭ᠋ᠠᠷᠳᠠᠵᠤ᠂ 《ᠤᠷᠠᠨ ᠬᠠᠪᠤᠯᠢᠭ》 ᠠᠷᠭ᠎ᠠ ᠵᠠᠮ ᠵᠶ᠋ᠠᠷ ᠶᠡᠭᠡ ᠦᠢ᠍ᠯᠡᠰ ᠪᠦᠲᠦᠭᠡᠬᠦ ᠬᠡᠷᠡᠭᠲᠡᠢ᠃ ᠪᠣᠬᠢᠷᠳᠤᠯ ᠦᠭᠡᠢ ᠬᠥᠭᠵᠢᠯᠲᠡ ᠵᠢᠨ ᠣᠶ᠋ᠢᠯᠠᠭ᠋ᠠᠭᠳᠠᠬᠤᠨ᠎ᠢ ᠪᠠᠷᠢᠮᠲᠠᠯᠠᠵᠤ᠂ ᠤᠷᠢᠳᠴᠢᠯᠠᠨ ᠰᠡᠷᠭᠡᠶ᠋ᠢᠯᠡᠬᠦ᠎ᠪᠠᠷ ᠭᠤᠣᠯ ᠪᠤᠯᠭ᠋ᠠᠬᠤ᠂ ᠰᠢᠨᠵᠢᠯᠡᠬᠦ ᠤᠬᠠᠭ᠋ᠠᠨᠴᠢ᠎ᠪᠠᠷ ᠵᠠᠰᠠᠬᠤ᠂ ᠵᠦᠢ ᠵᠣᠬᠢᠰᠲᠠᠢ ᠠᠰᠢᠭᠯᠠᠬᠤ ᠵᠢ ᠪᠠᠷᠢᠮᠲᠠᠯᠠᠵᠤ᠂ ᠰᠢᠨᠵᠢᠯᠡᠬᠦ ᠤᠬᠠᠭ᠋ᠠᠨᠴᠢ᠎ᠪᠠᠷ ᠪᠣᠭᠤᠮᠲᠠ ᠰᠢᠪᠲᠤᠯᠬᠤ ᠵᠢ ᠦᠷᠭᠦᠯᠵᠢᠯᠡᠨ ᠥᠷᠨᠢᠭᠦᠯᠵᠦ᠂ ᠡᠯᠡᠰᠦᠷᠬᠡᠭᠵᠢᠯ᠎ᠢ ᠰᠡᠷᠭᠡᠶ᠋ᠢᠯᠡᠨ ᠡᠯᠡᠰᠦ ᠵᠢ ᠵᠠᠰᠠᠬᠤ᠎ᠳᠤ ᠨᠡᠩ ᠤᠯᠠᠨ 《ᠥᠪᠥᠷ ᠮᠣᠩᠭᠤᠯ᠎ᠤᠨ ᠤᠶᠤᠨ ᠤᠬᠠᠭ᠋ᠠᠨ》 ᠪᠠ 《ᠥᠪᠥᠷ ᠮᠣᠩᠭᠤᠯ᠎ᠤᠨ ᠬᠦᠴᠦᠨ ᠴᠢᠳᠠᠯ》᠎ᠢ ᠨᠡᠮᠡᠷᠢᠯᠡᠬᠦ ᠬᠡᠷᠡᠭᠲᠡᠢ᠃

    ᠬᠠᠪᠤᠷ᠎ᠤᠨ ᠤᠷᠢᠬᠠᠨ ᠰᠠᠯᠬᠢᠨ᠎ᠠ ᠨᠣᠭᠤᠭ᠋ᠠᠨ ᠠᠮᠢᠵᠢᠷᠠᠯ ᠪᠢᠯᠬᠠᠵᠤ᠂ ᠬᠡᠩᠭᠡᠷᠭᠡ ᠳᠡᠯᠡᠳᠴᠦ ᠲᠠᠭᠢᠨ ᠮᠣᠷᠳᠠᠨ᠎ᠠ᠃ ᠡᠯᠡᠰᠦᠷᠬᠡᠭᠵᠢᠯ᠎ᠢ ᠰᠡᠷᠭᠡᠶ᠋ᠢᠯᠡᠨ ᠡᠯᠡᠰᠦ ᠵᠢ ᠵᠠᠰᠠᠬᠤ᠎ᠳᠤ ᠡᠭᠦᠷᠭᠡ ᠬᠦᠨᠳᠦ ᠵᠠᠮ ᠬᠤᠯᠠ ᠪᠠᠶ᠋ᠢᠨ᠎ᠠ᠃ ᠪᠢᠳᠡ ᠰᠢᠨᠵᠢᠯᠡᠬᠦ ᠤᠬᠠᠭ᠋ᠠᠨᠴᠢ᠎ᠪᠠᠷ ᠲᠥᠯᠥᠪᠵᠢᠭᠦᠯᠵᠦ᠂ ᠤᠨᠢᠨ ᠳᠡᠭᠡᠷ᠎ᠡ᠎ᠨᠢ ᠵᠠᠰᠠᠵᠤ᠂ ᠪᠦᠭᠦ ᠬᠦᠴᠦᠨ ᠵᠶ᠋ᠠᠷ ᠵᠶ᠋ᠠᠨ ᠪᠣᠭᠤᠮᠲᠠ ᠰᠢᠪᠲᠤᠯᠵᠤ᠂ ᠴᠤᠴᠠᠯᠲᠠ ᠦᠭᠡᠢ ᠴᠢᠷᠮᠠᠶ᠋ᠢᠨ ᠲᠡᠮᠡᠴᠡᠵᠦ᠂ ᠦᠷᠭᠦᠯᠵᠢᠯᠡᠨ ᠵᠣᠭᠰᠣᠰᠢ ᠦᠭᠡᠢ ᠲᠡᠮᠡᠴᠡᠵᠦ᠂ ᠪᠣᠳᠠᠲᠠᠢ ᠠᠵᠢᠯᠯᠠᠬᠤ ᠮᠥᠷᠲᠡᠭᠡᠨ ᠠᠷᠭ᠎ᠠ ᠳᠡᠮᠲᠡᠢ ᠠᠵᠢᠯᠯᠠᠳᠠᠭ ᠯᠠ ᠶᠤᠮ ᠪᠣᠯ ᠯᠠᠪᠳᠠᠶ᠎ᠠ ᠡᠯᠡᠰᠦᠷᠬᠡᠭᠵᠢᠯ᠎ᠢ ᠰᠡᠷᠭᠡᠶ᠋ᠢᠯᠡᠨ ᠡᠯᠡᠰᠦ ᠵᠢ ᠵᠠᠰᠠᠬᠤ ᠶᠡᠭᠡ ᠳᠠᠶ᠋ᠢᠯᠠᠯᠳᠤᠭ᠋ᠠᠨ᠎ᠤ ᠢᠯᠠᠯᠲᠠ ᠵᠢ ᠲᠡᠮᠡᠴᠡᠨ ᠣᠯᠵᠤ ᠴᠢᠳᠠᠬᠤ ᠶᠤᠮ᠃
   

 

ᠢᠷᠡᠯᠲᠡ᠄ ᠳᠣᠮᠳᠠᠳᠣ ᠣᠯᠣᠰ᠎ᠤᠨ ᠮᠣᠩᠭᠣᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ
          
ᠬᠠᠮᠢᠶ᠎ᠡ ᠪᠦᠬᠦᠢ ᠰᠣᠨᠢᠨ
《ᠤᠮᠠᠷᠠᠲᠤ ᠵᠢᠨ ᠭᠤᠷᠪᠠᠨ ᠤᠷᠤᠨ》᠎ᠤ ᠪᠣᠭᠣᠮᠲᠠ ᠰᠢᠪᠲᠤᠯᠬᠤ ᠳᠠᠶ᠋ᠢᠯᠠᠯᠳᠤᠭ᠋ᠠᠨ᠎ᠢ ᠠᠬᠢᠭᠤᠯᠤᠨ᠎ᠠ᠃
ᠪᠥᠬᠥ ᠣᠷᠣᠨ᠎ᠤ 《ᠤᠮᠠᠷᠠᠲᠤ ᠵᠢᠨ ᠭᠤᠷᠪᠠᠨ ᠤᠷᠤᠨ 》᠎ᠤ ᠢᠨᠵᠧᠨᠧᠷᠢᠩ᠎ᠤᠨ ᠰᠢᠪᠲᠤᠯᠤᠯᠲᠠ ᠵᠢᠨ ᠳᠠᠶ᠋ᠢᠯᠠᠯᠳᠤᠭ᠋ᠠᠨ᠎ᠤ ᠡᠯᠡᠰᠦᠷᠬᠡᠭᠵᠢᠯ᠎ᠢ ᠰᠡᠷᠭᠡᠶ᠋ᠢᠯᠡᠨ ᠡᠯᠡᠰᠦᠷᠬᠡᠭᠵᠢᠯ᠎ᠢ ᠵᠠᠰᠠᠬᠤ ᠭᠤᠷᠪᠠᠨ ᠶᠡᠬᠡ ᠪᠡᠯᠭᠡ ᠲᠡᠮᠳᠡᠭ᠎ᠤᠨ ᠴᠢᠨᠠᠷᠲᠠᠶ ᠳᠠᠶ᠋ᠢᠯᠠᠯᠳᠤᠭ᠋ᠠᠨ᠎ᠤ ᠪᠥᠲᠥᠭᠡᠨ ᠪᠠᠶ᠋ᠢᠭᠤᠯᠤᠯᠲᠠ ᠵᠢᠨ ᠲᠦᠷᠦᠯ ᠵᠦᠢ᠍ᠯ᠎ᠤᠨ ᠬᠥᠳᠡᠯᠮᠦᠷᠢ ᠵᠢᠨ ᠤᠷᠤᠯᠳᠤᠭ᠋ᠠᠨ ᠡᠬᠢᠯᠡᠪᠡ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠶ ᠰᠢᠭᠤᠶ ᠪᠠ ᠨᠤᠲᠤᠭ ᠪᠡᠯᠴᠢᠭᠡᠷ᠎ᠤᠨ ᠲᠣᠪᠴᠢᠶ᠎ᠠ᠎ᠨᠢ ᠬᠤᠪᠢᠶᠠᠷᠢ ᠬᠤᠷᠠᠯ᠎ᠤᠨ ᠲᠠᠯᠠᠪᠠᠶ᠎ᠳᠤ ᠪᠥᠬᠥ ᠤᠯᠤᠰ᠎ᠤᠨ ᠣᠶ ᠰᠢᠭᠤᠶ ᠨᠤᠲᠤᠭ ᠪᠡᠯᠴᠢᠭᠡᠷ᠎ᠤᠨ ᠴᠢᠭᠢᠭᠯᠢᠭ ᠭᠠᠵᠠᠷ᠎ᠤᠨ ᠴᠦᠯᠯᠡᠷᠬᠡᠭᠵᠢᠯ᠎ᠢ ᠨᠡᠶ᠋ᠢᠳᠡᠮ ᠪᠠᠶ᠋ᠢᠴᠠᠭ᠋ᠠᠬᠤ ᠲᠤᠷᠰᠢᠯᠲᠠ ᠵᠢᠨ ᠴᠢᠭ᠎ᠤᠨ ᠠᠵᠢᠯ᠎ᠤᠨ ᠪᠣᠯᠪᠠᠰᠤᠷᠠᠭᠤᠯᠤᠯ᠎ᠤᠨ ᠬᠤᠷᠠᠯ᠎ᠳᠤ ᠤᠷᠤᠯᠴᠠᠪᠠ
 
             蒙ICP备05000248号