ᠪᠠᠰᠠ 《ᠬᠤᠵᠢᠬᠢᠷ ᠲᠡᠰ》 ᠭᠡᠳᠡᠭ᠃ ᠪᠦᠷᠭᠦᠳ᠎ᠤᠨ ᠢᠵᠠᠭᠤᠷ᠃ ᠲᠤᠮᠤ ᠮᠢᠬᠠᠴᠢᠨ ᠵᠢᠭᠦᠷᠲᠡᠨ ᠪᠤᠯᠤᠨ᠎ᠠ᠃ ᠪᠡᠶ᠎ᠡ ᠵᠢᠨ ᠦᠳᠦ᠎ᠨᠢ ᠭᠤᠤᠯᠳᠠᠭᠤ ᠬᠠᠷ᠎ᠠ ᠬᠦᠷᠡᠩ ᠦᠩᠭᠡ᠎ᠲᠠᠢ᠂ ᠨᠢᠰᠦᠭᠦᠷ ᠦᠳᠦ ᠬᠢᠭᠡᠳ ᠰᠡᠭᠦᠯ᠎ᠤᠨ ᠬᠡᠰᠡᠭ᠎ᠨᠢ ᠬᠠᠷᠠᠩᠭᠤᠢ᠌ᠪᠲᠤᠷ ᠦᠩᠭᠡ᠎ᠲᠠᠢ᠂ ᠬᠦᠵᠦᠬᠦᠨᠤ ᠬᠡᠰᠡᠭ᠎ᠤᠨ ᠦᠳᠦ ᠦᠷᠪᠡᠯᠭᠡ᠎ᠨᠢ ᠴᠠᠢ᠌ᠪᠤᠷ ᠬᠦᠷᠡᠩ ᠪᠤᠶᠤ ᠴᠠᠭ᠋ᠠᠪᠲᠤᠷ ᠪᠠᠢ᠌ᠳᠠᠭ᠃ ᠲᠤᠯᠤᠭ᠋ᠠᠢ᠎ᠨᠢ ᠦᠳᠦ ᠨᠤᠯᠤᠤᠷ᠎ᠲᠤ ᠪᠦᠷᠬᠦᠭᠳᠡᠭᠡᠳ᠂ ᠬᠦᠵᠦᠬᠦᠨᠤ ᠬᠤᠢ᠌ᠨᠠᠬᠢ ᠬᠡᠰᠡᠭ᠎ᠲᠤᠨᠢ ᠪᠠᠭ᠎ᠠ ᠰᠠᠭ᠎ᠠ ᠬᠠᠯᠴᠠᠭ᠋ᠠᠢ ᠤᠴᠢᠷ᠎ᠠᠴᠠ ᠬᠤᠵᠢᠬᠢᠷ ᠲᠡᠰ ᠭᠡᠵᠦ ᠨᠡᠷᠡᠢ᠌ᠳᠦᠭᠳᠡᠭᠰᠡᠨ ᠪᠠᠢ᠌ᠨ᠎ᠠ᠃ ᠬᠤᠰᠢᠭᠤ᠎ᠨᠢ ᠲᠤᠮᠤ ᠮᠦᠷᠳᠡᠭᠡᠨ ᠱᠤᠪᠤᠭᠤᠷ᠂ ᠭᠤᠬ᠎ᠠ ᠬᠡᠯᠪᠡᠷᠢᠳᠠᠢ ᠪᠠᠢ᠌ᠳᠠᠭ᠃ ᠭᠤᠤᠯᠳᠠᠭᠤ ᠬᠠᠨ ᠠᠭᠤᠯᠠ ᠤᠷᠤᠨ ᠵᠶ᠋ᠠᠷ ᠳᠠᠷᠬᠠᠵᠤ᠂ ᠪᠢᠴᠢᠬᠠᠨ ᠠᠮᠢᠲᠠᠨ ᠵᠶ᠋ᠠᠷ ᠦᠯ ᠬᠤᠭᠤᠯᠠ ᠬᠢᠳᠡᠭ᠃