ᠮᠢᠬᠠᠴᠢᠨ ᠠᠮᠢᠲᠠᠨ᠎ᠤ ᠪᠠᠭ ᠂ ᠬᠦᠬᠦᠲᠡᠨᠤ ᠠᠩᠭᠢ ᠂ ᠨᠤᠬᠠᠢ ᠵᠢᠨ ᠢᠵᠠᠭᠤᠷᠲᠠᠢ ᠃ ᠦᠨᠡᠭᠡᠳᠤ ᠤᠯᠠᠭ᠋ᠠᠨ ᠦᠨᠡᠭᠡ ᠂ ᠬᠢᠷᠰᠠ ᠦᠨᠡᠭᠡ ᠬᠡᠮᠡᠬᠦ ᠬᠤᠶᠠᠷ ᠵᠦᠢ᠍ᠯ ᠪᠠᠢ᠌ᠳᠠᠭ ᠃ ᠦᠨᠡᠭᠡ ᠵᠢᠨ ᠨᠢᠭᠤᠷ᠎ᠤᠨ ᠬᠡᠰᠡᠭ᠎ᠨᠢ ᠤᠷᠲᠤ ᠂ ᠬᠤᠩᠰᠢᠶᠠᠷ᠎ᠨᠢ ᠱᠤᠪᠤᠭᠤᠷ ᠂ ᠴᠢᠬᠢ᠎ᠨᠢ ᠭᠤᠷᠪᠠᠯᠵᠢᠨ ᠂ ᠰᠡᠭᠦᠯ᠎ᠨᠢ ᠤᠷᠲᠦ ᠪᠦᠭᠡᠳ ᠪᠦᠲᠦᠬᠦᠨ ᠂ ᠨᠢᠷᠤᠭᠤᠨ᠎ᠤ ᠦᠰᠦ᠎ᠨᠢ ᠤᠯᠠᠪᠲᠤᠷ ᠰᠢᠷ᠎ᠠ ᠂ ᠰᠡᠭᠦᠯ᠎ᠤᠨ ᠦᠵᠦᠭᠦᠷ᠎ᠨᠢ ᠴᠠᠭ᠋ᠠᠨ ᠪᠠᠢ᠌ᠳᠠᠭ ᠃ ᠬᠤᠯᠤᠭ᠋ᠠᠨ᠎ᠠ ᠵᠡᠷᠭᠡ ᠠᠮᠢᠲᠠᠨ ᠵᠶ᠋ᠠᠷ ᠢᠳᠡᠰᠢ ᠪᠤᠯᠭ᠋ᠠᠳᠠᠭ ᠃