ᠵᠡᠭᠡᠷᠭᠡᠨ᠎ᠡ
ᠡᠪᠡᠰᠦᠯᠢᠭ ᠬᠡᠯᠪᠡᠷᠢ ᠵᠢᠨ ᠪᠤᠲᠠ ᠮᠤᠳᠤ ᠪᠤᠶᠤ ᠭᠠᠩᠰᠠᠭ ᠤᠷᠭᠤᠮᠠᠯ᠃ ᠲᠤᠪᠤ ᠲᠤᠪᠤᠷᠴᠠᠭ᠂ ᠬᠦᠲᠦᠯ ᠭᠠᠵᠠᠷ᠂ ᠲᠤᠭᠳᠠᠪᠤᠷᠢᠵᠢᠭᠰᠠᠨ ᠡᠯᠡᠰᠦᠷᠭᠡᠭ ᠭᠠᠵᠠᠷ᠂ ᠲᠠᠯ᠎ᠠ ᠭᠠᠵᠠᠷ ᠵᠶ᠋ᠠᠷ ᠤᠷᠭᠤᠵᠤ᠂ ᠬᠠᠢ᠌ᠷᠬᠠᠭ ᠪᠠ ᠡᠯᠡᠰᠦᠷᠬᠡᠭ ᠲᠠᠯ᠎ᠠ ᠨᠤᠳᠤᠭ᠎ᠤᠨ ᠲᠠᠭ᠋ᠠᠯᠳᠤᠬᠤ ᠲᠦᠷᠰᠦ ᠪᠠᠢ᠌ᠵᠤ᠂ ᠬᠡᠰᠡᠭ ᠭᠠᠵᠠᠷ ᠵᠶ᠋ᠠᠷ ᠪᠦᠯᠦᠭᠯᠡᠯ ᠪᠤᠯᠤᠨ ᠪᠦᠷᠢᠯᠳᠦᠳᠡᠭ᠃ ᠮᠠᠨ᠎ᠤ ᠤᠷᠤᠨ᠎ᠤ ᠶᠡᠬᠡ ᠬᠢᠩᠭ᠋ᠠᠨ ᠳᠠᠪᠠᠭ᠋ᠠᠨ᠎ᠤ ᠬᠤᠢ᠌ᠲᠤ ᠬᠡᠰᠡᠭ᠂ ᠳᠠᠪᠠᠭ᠋ᠠᠨ᠎ᠤ ᠵᠡᠬᠦᠨ ᠲᠤᠭᠤᠷᠢᠭ᠂ ᠳᠠᠪᠠᠭ᠋ᠠᠨ᠎ᠤ ᠪᠠᠷᠠᠭᠤᠨ ᠲᠤᠭᠤᠷᠢᠭ᠂ ᠬᠦᠯᠦᠨ ᠪᠤᠢ᠌ᠷ— ᠰᠢᠯᠢ ᠵᠢᠨ ᠭᠤᠤᠯ᠎ᠤᠨ ᠦᠨᠳᠦᠷᠯᠢᠭ᠂ ᠤᠯᠠᠭ᠋ᠠᠨᠴᠠᠪ ᠲᠤᠭᠤᠷᠢᠭ᠂ ᠤᠷᠳᠤᠰ ᠲᠤᠭᠤᠷᠢᠭ ᠵᠶ᠋ᠠᠷ ᠤᠷᠭᠤᠯᠳᠠ᠎ᠲᠠᠢ᠃ ᠮᠠᠨ᠎ᠤ ᠤᠯᠤᠰ᠎ᠤᠨ ᠵᠡᠬᠦᠨ ᠬᠤᠢ᠌ᠲᠤ ᠤᠷᠤᠨ᠂ ᠤᠮᠠᠷᠠᠲᠤ ᠤᠷᠤᠨ᠂ ᠲᠤᠮᠳᠠᠳᠤ ᠤᠷᠤᠨ᠂ ᠪᠠᠷᠠᠭᠤᠨ ᠬᠤᠢ᠌ᠲᠤ ᠤᠷᠤᠨ ᠵᠶ᠋ᠠᠷ ᠳᠠᠷᠬᠠᠨ᠂ ᠮᠤᠩᠭᠤᠯ ᠤᠯᠤᠰ᠎ᠲᠤ ᠪᠠᠰᠠ ᠤᠷᠭᠤᠳᠠᠭ᠃ ᠲᠡᠵᠢᠭᠡᠯ᠎ᠤᠨ ᠦᠷᠳᠡᠭ᠎ᠨᠢ ᠨᠡᠯᠢᠶᠠᠳ ᠦᠨᠳᠦᠷ ᠲᠤᠯᠠ᠂ ᠡᠪᠤᠯ᠎ᠤᠨ ᠤᠯᠠᠷᠢᠯ᠎ᠳᠤ ᠢᠮᠠᠭ᠎ᠠ ᠲᠡᠮᠡᠭᠡ ᠲᠡᠬᠦᠨ᠎ᠤ ᠬᠠᠳᠠᠭᠰᠠᠨ ᠡᠪᠡᠰᠦ ᠵᠢ᠎ᠨᠢ ᠢᠳᠡᠬᠦ ᠲᠤᠷᠠᠳᠠᠢ ᠪᠠᠢ᠌ᠳᠠᠭ᠃ ᠡᠰᠢ᠎ᠨᠢ ᠡᠮ᠎ᠳᠤ ᠤᠷᠤᠵᠤ᠂ ᠭᠤᠤᠯᠳᠠᠭᠤ ᠬᠢᠮᠤᠷᠠᠭ᠎ᠠ ᠲᠠᠭᠰᠢᠭᠤᠷ᠂ ᠰᠠᠯᠪᠤᠷᠢ ᠮᠦᠭᠡᠷᠡᠰᠦᠨ ᠬᠤᠭᠤᠯᠠᠢ ᠵᠢᠨ ᠦᠷᠪᠢᠰᠦᠯ᠎ᠢ ᠵᠠᠰᠠᠵᠤ᠂ ᠦᠨᠳᠦᠰᠦ᠎ᠨᠢ ᠭᠤᠤᠯᠳᠠᠭᠤ ᠬᠦᠯᠦᠷᠡᠬᠦ ᠪᠠ ᠬᠦᠢ᠍ᠲᠡᠨ ᠬᠦᠯᠦᠰᠦ ᠭᠠᠷᠬᠤ ᠵᠢ ᠵᠠᠰᠠᠨ᠎ᠠ᠃ ᠡᠰᠢ᠎ᠨᠢ ᠪᠠᠰᠠ ᠮᠤᠩᠭᠤᠯ ᠡᠮ᠎ᠳᠤ ᠤᠷᠤᠵᠤ᠂ ᠭᠤᠤᠯᠳᠠᠭᠤ ᠰᠢᠷᠠᠯᠠᠬᠤ ᠴᠢᠨᠠᠷᠳᠠᠢ ᠡᠯᠢᠭᠡᠨ ᠦᠷᠪᠢᠰᠦᠯ᠎ᠢ ᠵᠠᠰᠠᠨ᠎ᠠ᠃
![]()
![]()
![]()