ᠲᠣᠰ ᠲᠦᠷᠦᠯ᠎ᠳᠤ 7 ᠵᠦᠢ᠍ᠯ᠎ᠤᠨ ᠤᠷᠭᠤᠮᠠᠯ ᠪᠠᠭᠲᠠᠨ᠎ᠠ᠃ ᠡᠭᠦᠨ᠎ᠤ ᠲᠤᠳᠤᠷ᠎ᠠ ᠮᠠᠨ᠎ᠤ ᠤᠯᠤᠰ᠎ᠲᠤ 4 ᠵᠦᠢ᠍ᠯ᠂ ᠮᠠᠨ᠎ᠤ ᠤᠷᠤᠨ᠎ᠳᠤ ᠨᠢᠭᠡ ᠵᠦᠢ᠍ᠯ ᠪᠠᠢ᠌ᠨ᠎ᠠ᠃
【ᠡᠰᠢ】 ᠨᠠᠪᠴᠢ ᠵᠤᠯᠭ᠋ᠠᠷᠠᠬᠤ ᠵᠢᠵᠢᠭ ᠲᠤᠷᠤᠭ ᠮᠤᠳᠤ᠃ ᠨᠠᠬᠢᠶ᠎ᠠ᠎ᠨᠢ ᠸᠠᠭ᠋ᠠᠷᠯᠠᠭᠰᠠᠨ ᠬᠠᠢ᠌ᠷᠰᠦᠲᠠᠢ᠃
【ᠨᠠᠪᠴᠢ】 ᠨᠠᠪᠴᠢ᠎ᠨᠢ ᠦᠳᠦᠯᠢᠭ ᠰᠤᠳᠠᠯ᠎ᠲᠠᠢ᠂ ᠬᠦᠪᠡᠭᠡᠨ᠎ᠳᠤᠨᠢ ᠲᠠᠪᠬᠤᠷᠯᠠᠭᠰᠠᠨ ᠬᠢᠷᠦᠭᠡᠨ ᠰᠢᠲᠦ᠎ᠲᠠᠢ᠃
【ᠴᠡᠴᠡᠭ】 ᠴᠡᠴᠡᠭ᠎ᠨᠢ ᠭᠠᠭᠴᠠ ᠪᠡᠯᠭᠡ᠎ᠲᠠᠢ᠃ ᠨᠢᠭᠡ ᠬᠡᠷᠳᠡᠢ᠂ ᠴᠡᠴᠡᠭ᠎ᠤᠨ ᠬᠡᠯᠲᠡᠰ ᠦᠭᠡᠢ᠃ ᠡᠷ᠎ᠡ ᠴᠡᠴᠡᠭ᠎ᠨᠢ ᠳᠤᠷᠤᠭᠰᠢ ᠤᠨᠵᠠᠢ᠌ᠭᠰᠠᠨ ᠤᠨᠵᠢᠬᠢᠷ ᠪᠠᠭ ᠴᠡᠴᠡᠭ᠂ ᠴᠡᠴᠡᠭ᠎ᠤᠨ ᠲᠤᠭᠲᠤᠢ ᠦᠭᠡᠢ᠃ ᠡᠷ᠎ᠡ ᠲᠤᠭᠤᠷᠴᠠᠭ᠎ᠨᠢ 3—14᠂ ᠴᠡᠴᠡᠭ᠎ᠤᠨ ᠲᠤᠬᠢᠭᠤᠷ᠎ᠨᠢ ᠤᠷᠤᠢ ᠵᠢᠨ ᠬᠡᠰᠡᠭ᠎ᠲᠤ᠎ᠪᠠᠨ ᠰᠠᠯᠠᠭ᠋ᠠᠯᠠᠨᠠ᠃ ᠡᠮ᠎ᠡ ᠪᠠᠭ ᠴᠡᠴᠡᠭ᠎ᠨᠢ ᠤᠨᠵᠢᠭᠢᠷ ᠪᠠᠭ ᠴᠡᠴᠡᠭ᠃ ᠡᠭᠴᠡ ᠪᠤᠰᠤᠭ᠎ᠠ ᠤᠷᠭᠤᠨ᠎ᠠ᠃ ᠪᠠᠭᠯᠠᠭᠴᠢ ᠢᠯᠳᠠᠰᠤ ᠨᠢᠭᠡᠪᠦᠷᠢ ᠵᠢᠨ ᠲᠤᠳᠤᠷ᠎ᠠ 2 ᠴᠡᠴᠡᠭ ᠪᠤᠢ᠃ ᠴᠡᠴᠡᠭ ᠨᠢᠭᠡᠪᠤᠷᠢ᠎ᠨᠢ ᠦᠰᠦ᠎ᠲᠠᠢ᠃ ᠤᠭᠤᠳᠠᠯᠢᠭ ᠶᠡᠷᠦᠩᠬᠡᠢ ᠪᠠᠭᠯᠠᠭᠴᠢ ᠵᠢᠨ ᠲᠤᠳᠤᠷ᠎ᠠ ᠬᠠᠳᠠᠭ᠋ᠠᠯᠠᠭᠳᠠᠨᠠ᠃ ᠡᠨᠡ ᠶᠡᠷᠦᠩᠬᠡᠢ ᠪᠠᠭᠯᠠᠭᠴᠢ᠎ᠨᠢ ᠨᠢᠭᠡ ᠪᠡᠭ᠍ᠯᠠᠭᠴᠢ ᠢᠯᠲᠠᠰᠦ ᠪᠤᠯᠤᠨ ᠬᠤᠶᠠᠷ ᠵᠢᠵᠢᠭ ᠪᠠᠭᠯᠠᠭᠴᠢ ᠢᠯᠲᠠᠰᠦ ᠨᠡᠢ᠌ᠯᠡᠯᠳᠦᠭᠰᠡᠨᠠᠴᠠ ᠪᠦᠷᠢᠯᠳᠦᠵᠠᠢ᠃ ᠤᠮᠠᠢ᠎ᠨᠢ ᠲᠤᠤᠷᠠᠳᠦ ᠤᠷᠤᠨ᠎ᠲᠠᠢ᠂ 2 ᠲᠠᠰᠤᠯᠭ᠎ᠠ᠎ᠲᠠᠢ᠂ ᠲᠠᠰᠤᠯᠭ᠎ᠠ ᠪᠦᠷᠢ᠎ᠳᠤ᠎ᠨᠢ ᠲᠤᠷᠤᠭᠰᠢ ᠤᠨᠵᠢᠢ᠍ᠭᠰᠠᠨ ᠦᠷ᠎ᠡ ᠨᠠᠬᠢᠶ᠎ᠠ ᠨᠢᠭᠡ ᠪᠤᠢ᠃ ᠪᠠᠭ᠋ᠠᠨ᠎ᠠ ᠵᠢᠨ ᠠᠮᠠᠰᠠᠷ᠎ᠨᠢ 2᠂ ᠤᠳᠠᠰᠤᠯᠢᠭ ᠬᠡᠯᠪᠡᠷᠢᠳᠠᠢ᠃
【ᠦᠷ᠎ᠡ ᠵᠢᠮᠢᠰ】 ᠵᠢᠮᠢᠰ᠎ᠨᠢ ᠨᠢᠭᠡ ᠪᠠᠷᠢᠭᠤᠯ᠎ᠲᠠᠢ ᠪᠦᠮᠪᠦᠭᠡᠯᠵᠢᠨ ᠪᠡᠶ᠎ᠡ ᠮᠦᠨ᠂ ᠡᠨᠡ᠎ᠨᠢ ᠲᠤᠩ ᠤᠯᠠᠨ ᠸᠠᠭ᠋ᠠᠷᠯᠠᠨ ᠪᠠᠢ᠌ᠷᠢᠯᠠᠭᠰᠠᠨ ᠤᠭᠤᠳᠠᠯᠢᠭ ᠶᠡᠷᠦᠩᠬᠡᠢ ᠪᠠᠭᠯᠠᠭᠴᠢ ᠨᠢᠭᠡᠨ ᠬᠠᠲᠠᠭᠤ ᠵᠢᠮᠢᠰ᠎ᠢ ᠪᠠᠭᠯᠠᠭᠰᠠᠨ᠎ᠠᠴᠠ ᠪᠦᠷᠢᠯᠳᠦᠵᠠᠢ᠃